☆ ᠪᠠᠶᠠᠭᠤᠳ ᠬᠠᠰᠳᠤᠯᠭᠠᠭᠤᠷᠢ
ᠳᠤᠷᠠᠯᠠᠵᠤ ᠶᠠᠪᠣᠬᠤ ᠰᠠᠢ᠌ᠬᠠᠨ
ᠳᠤᠤᠯᠢᠮ᠎ᠠ ᠬᠤᠷᠸ᠎ᠠ ᠳᠤ ᠳᠤᠷᠠᠯᠠᠵᠤ ᠶᠠᠪᠣᠬᠤ ᠰᠠᠢ᠌ᠬᠠᠨ
ᠳᠤᠷᠠᠯᠠᠵᠤ ᠶᠠᠪᠣᠭᠠᠤᠨ ᠳᠠᠭᠤᠨ ᠳᠤ ᠪᠠᠨ ᠣᠶᠠᠷᠠᠬᠤ ᠰᠠᠢ᠌ᠬᠠᠨ
ᠳᠤᠳᠤᠷ ᠳᠠᠪᠣ ᠴᠤᠯᠤ ᠶᠢᠨ ᠶᠢᠡᠨ ᠠᠯᠢ ᠨᠢᠭᠡ ᠨᠢ ᠳᠤᠳᠠᠭᠰᠠᠨ ᠰᠢᠤᠬᠠᠨ
ᠳᠠᠮᠠᠢ ᠯᠠ ᠣᠢ᠌ᠮᠤᠷᠴᠤ ᠥᠭᠡᠢ᠌ᠯᠡᠵᠤ ᠶᠠᠪᠣᠬᠤ ᠰᠠᠢ᠌ᠬᠠᠨ
ᠭᠡᠦᠭᠡᠨ ᠪᠣᠯᠪᠠᠷᠠᠢ ᠭᠠᠷ ᠢ ᠴᠢᠨᠢ ᠭᠦᠳᠦᠯᠵᠤ
ᠭᠦᠳᠦᠯ ᠳᠠᠪᠠᠨ ᠠᠯᠬᠤᠯᠠᠬᠤ ᠶᠠᠭᠤᠳᠠᠢ ᠰᠠᠢ᠌ᠬᠠᠨ
ᠦᠷ ᠦᠳᠡᠰᠢ ᠶᠢᠨ ᠪᠣᠯᠵᠤᠭᠠᠨ ᠤ ᠭᠠᠵᠠᠷ ᠳ᠋ᠠᠭᠠᠨ
ᠥᠭᠡᠢ᠌ᠯᠡᠵᠤ ᠴᠢᠮᠠᠢ ᠭᠦᠯᠢᠶᠡᠵᠤ ᠰᠠᠭᠤᠬᠤ ᠴᠤ ᠰᠠᠢ᠌ᠬᠠᠨ
ᠡᠷ᠎ᠡ ᠬᠤᠩᠭ᠋ᠤᠷ ᠵᠢᠷᠦᠭᠡᠨ ᠤ ᠪᠠᠨ
ᠦᠷᠦᠴᠠ ᠪᠠᠨ ᠳᠠᠯᠳᠤᠨ ᠳᠦᠭ᠍ᠰᠢᠭᠦ ᠶᠢ ᠴᠢᠩᠨᠠᠵᠤ
ᠡᠮᠨᠢᠩ ᠬᠤᠩᠭ᠋ᠤᠷ ᠬᠠᠢ᠌ᠷ᠎ᠠ ᠶᠢᠨ ᠭᠢ ᠪᠠᠨ
ᠠᠮᠠᠭᠠᠢ ᠶᠢ ᠳᠠᠷᠤᠨ ᠳᠠᠪᠭᠢᠭᠤᠯᠵᠤ ᠶᠠᠪᠣᠬᠤ ᠰᠠᠢ᠌ᠬᠠᠨ
ᠳᠤᠷᠠᠯᠠᠯ ᠤᠨ ᠠᠷᠠᠵᠠᠨ ᠳᠤ ᠰᠤᠭᠳᠤᠵᠤ ᠶᠠᠪᠣᠬᠤ ᠴᠤ ᠰᠠᠢ᠌ᠬᠠᠨ
ᠳᠤᠷᠠᠰᠴᠤ ᠴᠢᠮᠢ᠋ᠢ ᠵᠡᠭᠦᠳᠦᠯᠡᠵᠤ ᠬᠤᠨᠤᠬᠤ ᠰᠠᠢ᠌ᠬᠠᠨ
ᠳᠤᠤᠯᠢᠮ᠎ᠠ ᠬᠤᠷᠸ᠎ᠠ ᠳᠤ ᠳᠤᠷᠠᠯᠠᠵᠤ ᠶᠠᠪᠣᠬᠤ ᠰᠠᠢ᠌ᠬᠠᠨ
ᠳᠤᠭᠤᠢ ᠯᠠ ᠴᠢᠮ᠎ᠠ ᠶᠢ ᠬᠠᠷᠠᠵᠤ ᠰᠠᠭᠤᠬᠤ ᠰᠠᠢ᠌ᠬᠠᠨ
ᠵᠤᠬᠢᠶᠠᠭᠴᠢ᠄ ᠪᠠᠶᠠᠭᠤᠳ ᠬᠠᠰᠳᠤᠯᠭᠠᠭᠤᠷᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2729
ᠴᠠᠭ᠄ 2009 ᠤᠨ ᠤ 07 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ