☆ ᠴ·ᠪᠠᠶᠠᠰᠤᠯ
ᠠᠷᠢᠬᠢᠨ ᠳᠤ ᠰᠢᠨᠤᠭᠰᠠᠨ ᠬᠦᠮᠦᠨ
ᠠᠷᠢᠭᠢᠨ ᠳᠤ ᠰᠢᠨᠦᠭ᠍ᠰᠡᠨ ᠭᠦᠮᠤᠨ ᠊᠊᠊᠊᠊᠊᠊᠊᠊᠊᠊᠊᠊᠊᠊
ᠳᠠᠷᠢᠭᠢ ᠳᠤᠯᠤᠭᠠᠢ ᠨᠢ ᠪᠢᠳᠡᠭᠦᠷᠡᠨᠡ
ᠳᠤᠮᠤᠭ᠎ᠠ ᠣᠬᠠᠭᠠᠨ ᠨᠢ ᠪᠠᠯᠠᠢ᠌ᠷᠠᠨᠠ
ᠳᠠᠮᠢᠷ ᠰᠦᠯᠳᠡ ᠨᠢ ᠪᠠᠷᠠᠭᠳᠠᠨ᠎ᠠ
ᠠᠷᠢᠭᠢᠨ ᠳᠤ ᠰᠢᠨᠦᠭ᠍ᠰᠡᠨ ᠭᠦᠮᠤᠨ ᠊᠊᠊᠊᠊᠊᠊᠊᠊᠊᠊᠊᠊᠊᠊
ᠵᠤᠷᠢᠭ ᠰᠦᠰᠦ ᠨᠢ ᠪᠦᠳᠦᠭᠦᠷᠡᠨ᠎ᠡ
ᠵᠤᠭᠤᠰ ᠮᠥᠩᠭᠦ ᠪᠠᠨ ᠪᠦᠷᠢᠯᠭᠡᠨᠡ
ᠵᠤᠪᠠᠯᠠᠩ ᠬᠤᠳᠠᠯᠳᠤᠵᠤ ᠠᠪᠣᠨ᠎ᠠ
ᠠᠷᠢᠭᠢᠨ ᠳᠤ ᠰᠢᠨᠦᠭ᠍ᠰᠡᠨ ᠭᠦᠮᠤᠨ ᠊᠊᠊᠊᠊᠊᠊᠊᠊᠊᠊᠊᠊᠊᠊
ᠭᠡᠯᠡ ᠠᠮᠠ ᠴᠢᠷᠤᠨ᠎ᠠ
ᠭᠡᠷᠡᠭᠦᠯ ᠵᠢᠭᠤᠷᠭᠠᠨ ᠡᠳᠦᠨᠡ
ᠭᠡᠷᠡᠭ᠌ ᠵᠠᠷᠭᠤ ᠳᠠᠳᠠᠨ᠎ᠠ
ᠠᠷᠢᠭᠢᠨ ᠳᠤ ᠰᠢᠨᠦᠭ᠍ᠰᠡᠨ ᠭᠦᠮᠤᠨ ᠊᠊᠊᠊᠊᠊᠊᠊᠊᠊᠊᠊᠊᠊᠊
ᠠᠳᠤᠭᠤ ᠮᠠᠯ ᠨᠢ ᠴᠥᠭᠡᠷᠡᠨ᠎ᠡ
ᠠᠪᠳᠠᠷ᠎ᠠ ᠬᠤᠷᠭᠤ ᠨᠢ ᠬᠤᠭᠤᠰᠤᠷᠠᠨ᠎ᠠ
ᠠᠳᠠᠯ ᠠᠮᠢᠳᠤᠷᠠᠯ ᠨᠢ ᠶᠠᠳᠠᠭᠤᠷᠠᠨ᠎ᠠ
ᠠᠷᠢᠭᠢᠨ ᠳᠤ ᠰᠢᠨᠦᠭ᠍ᠰᠡᠨ ᠭᠦᠮᠤᠨ ᠊᠊᠊᠊᠊᠊᠊᠊᠊᠊᠊᠊᠊᠊᠊
ᠡᠷᠳᠡᠮ ᠮᠡᠳᠡᠯᠭᠡ ᠨᠢ ᠬᠠᠭᠠᠭᠳᠠᠨ᠎ᠠ
ᠡᠷᠭᠢᠮ ᠠᠯᠳᠠᠷ ᠨᠢ ᠬᠤᠭᠤᠷᠠᠨ᠎ᠠ
ᠣᠢ᠌ᠯᠠᠰ ᠠᠵᠢᠯ ᠳᠠᠭᠠᠨ ᠭᠤᠯᠤᠭᠳᠠᠨᠠ
ᠠᠷᠢᠭᠢᠨ ᠳᠤ ᠰᠢᠨᠦᠭ᠍ᠰᠡᠨ ᠭᠦᠮᠤᠨ ᠊᠊᠊᠊᠊᠊᠊᠊᠊᠊᠊᠊᠊᠊᠊
ᠠᠠᠳᠠ ᠨᠠᠢ᠌ᠵᠠᠰ ᠨᠢ ᠵᠠᠢ᠌ᠳᠠᠨᠠ
ᠠᠴᠢᠷ ᠦᠷᠡᠰ ᠨᠢ ᠵᠢᠭ᠍ᠰᠢᠨ᠎ᠡ
ᠠᠮᠠᠷᠠᠭ ᠬᠤᠩᠭ᠋ᠤᠷ ᠨᠢ ᠵᠢᠭᠤᠳᠠᠨ᠎ᠠ
ᠠᠷᠢᠭᠢᠨ ᠳᠤ ᠰᠢᠨᠦᠭ᠍ᠰᠡᠨ ᠭᠦᠮᠤᠨ ᠊᠊᠊᠊᠊᠊᠊᠊᠊᠊᠊᠊᠊᠊᠊
ᠡᠷᠡᠭᠦᠯ ᠮᠠᠳᠠᠷᠠᠯ ᠨᠢ ᠥᠭᠡᠢ᠌ᠭᠢᠭ᠍ᠳᠡᠨᠡ
ᠡᠪᠠᠦᠡᠴᠢᠨ ᠳᠠᠬᠤᠯ ᠳᠤ ᠣᠷᠢᠶᠠᠭᠳᠠᠨᠠ
ᠡᠷᠯᠢᠭ᠌ ᠤᠨ ᠴᠠᠯᠮ᠎ᠠ ᠳᠤ ᠣᠶᠠᠭᠳᠠᠨᠠ᠃
ᠵᠤᠬᠢᠶᠠᠭᠴᠢ᠄ ᠴ·ᠪᠠᠶᠠᠰᠤᠯ
ᠢᠷᠡᠯᠲᠡ᠄ ᠵᠠᠷᠤᠳ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭᠠᠲᠤ ᠬᠤᠷᠠᠯ ᠬᠠᠩᠭᠠᠪᠠ
ᠬᠠᠷᠢᠶ᠎ᠠ᠄
ᠰᠢᠯᠦᠭᠳᠠᠷᠤᠮ᠄ 3513
ᠴᠠᠭ᠄ 2006 ᠤᠨ ᠤ 09 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ