ᠨᠡᠪᠲᠡᠷᠡᠨ ᠤᠷᠤᠬᠤ
ᠴᠢᠮ᠎ᠠ ᠳᠤ ᠪᠢ ᠬᠠᠢ᠌ᠷᠠᠳᠠᠢ

ᠦᠨᠡᠨ ᠶᠢᠡᠨ ᠨᠢᠭᠤᠳᠠᠭ ᠦᠭᠡᠶ ᠥᠭᠡᠨ ᠳᠡᠭᠡᠷ᠎ᠡ ᠴᠢᠨᠢ

ᠥᠨᠦᠰᠭᠦ ᠳᠤ ᠠᠨᠢᠳᠠᠭ ᠨᠢᠳᠤᠨ ᠳᠡᠭᠡᠷ᠎ᠡ ᠴᠢᠨᠢ

ᠦᠵᠡᠵᠤ ᠬᠠᠨᠤᠬᠤ ᠦᠭᠡᠶ ᠴᠢᠷᠠᠢ ᠳᠡᠭᠡᠷ᠎ᠡ ᠴᠢᠨᠢ

ᠥᠭᠡᠯᠡᠵᠤ ᠭᠠᠷᠬᠤ ᠦᠭᠡᠶ ᠭᠦᠮᠦᠰᠭᠡᠨ ᠳᠡᠭᠡᠷ᠎ᠡ ᠴᠢᠨᠢ

ᠵᠢᠷᠭᠠᠯ ᠪᠠᠢ᠌ᠳᠠᠭ᠃

ᠵᠤᠪᠠᠯᠠᠩ ᠢ ᠬᠤᠭᠤᠰᠤᠯᠠᠵᠤ (hugsalj) ᠢᠷᠡᠳᠡᠭ᠌ ᠳᠠᠷᠠ ᠵᠢᠷᠭᠠᠯ ᠳ᠋ᠤ

ᠠᠵᠠ ᠶᠢᠨ ᠨᠠᠷᠠᠨ ᠠᠶᠠᠯᠠᠨ ᠠᠶᠠᠯᠠᠭᠰᠠᠭᠠᠷ

ᠠᠷᠪᠠᠨ ᠳᠠᠪᠤᠨ ᠤ ᠰᠠᠷᠠᠨ ᠪᠣᠯᠳᠠᠯ᠎ᠠ ᠬᠤᠷᠭᠤᠳᠠᠭᠰᠠᠨ

ᠳᠦᠭᠦᠷᠢᠭ᠌ ᠰᠠᠷᠠᠨ ᠰᠠᠨᠠᠨ ᠰᠠᠨᠠᠭᠰᠠᠭᠠᠷ

ᠲᠦᠮᠡᠨ ᠮᠥᠭᠦᠯᠢᠭ᠌ ᠣᠳᠤ ᠪᠣᠯᠳᠠᠯ᠎ᠠ ᠬᠤᠷᠭᠤᠳᠠᠭᠰᠠᠨ

ᠣᠳᠤ ᠣᠳᠤᠨ ᠤ ᠳᠤᠮᠳᠠ ᠡᠴᠡ ᠭᠠᠭᠴᠠ ᠯᠠ ᠣᠳᠤ

ᠰᠦᠨᠢ ᠡᠭ᠍ᠰᠢᠳᠡᠯ᠎ᠡ ᠬᠤᠷᠭᠤᠳᠠᠭᠰᠠᠨ

ᠰᠢᠯᠦᠭ᠌ ᠰᠢᠯᠦᠭ᠌ ᠤᠨ ᠮᠦᠷ ᠡᠴᠡ ᠭᠠᠭᠴᠠ ᠯᠠ ᠮᠦᠷ

ᠦᠨᠡᠨ ᠪᠣᠯᠳᠠᠯ᠎ᠠ ᠬᠤᠷᠭᠤᠳᠠᠭᠰᠠᠨ ᠡ

ᠮᠢᠨᠤ ᠠᠮᠢᠳᠤᠷᠠᠯ ᠳᠠᠷᠠ ᠯᠠ ᠪᠠᠢ᠌ᠵᠠᠢ

《ᠴᠢᠮ᠎ᠠ ᠳᠤ ᠪᠢ ᠬᠠᠢ᠌ᠷᠠᠳᠠᠢ︕》


᠊᠊᠊᠊᠊᠊᠊᠊᠊᠊᠊᠊᠊᠊᠊ 2009.02.07

ᠪᠣᠷᠤᠪᠣᠯᠠᠭ ᠳᠤ


ᠵᠤᠬᠢᠶᠠᠭᠴᠢ ᠶᠢᠨ ᠬᠠᠶ‍ᠢᠭ ᠄ ᠯᠢᠶᠤᠤᠨᠢᠩ ᠶᠡᠭᠡ ᠰᠤᠷᠭᠠᠭᠤᠯᠢ

ᠵᠤᠬᠢᠶᠠᠭᠴᠢ᠄ ᠭᠤᠨᠢᠨᠤᠳ·ᠨᠠ᠊·ᠰᠥᠭᠡ‍ᠪᠠᠭᠠᠲᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2010 ᠤᠨ ᠤ 04 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ