ᠨᠡᠪᠲᠡᠷᠡᠨ ᠤᠷᠤᠬᠤ
ᠠᠯᠠᠭ ᠦᠷ᠎ᠡ ᠳᠤ ᠪᠠᠨ

ᠠᠭᠰᠤᠮ ᠭᠦᠯᠦᠭ᠌ ᠤᠨ ᠨᠢᠷᠤᠭᠤᠨ ᠳ᠋ᠤ  

ᠭᠦᠤ ᠮᠢᠨᠢ ᠠᠯᠠᠪᠭᠢᠨ ᠰᠠᠭᠤᠭᠰᠠᠨ ᠶᠤᠮ  

ᠠᠯᠤᠰ ᠬᠤᠳᠠ ᠶᠢᠨ ᠰᠤᠷᠭᠠᠭᠤᠯᠢ ᠳ᠋ᠤ  

ᠰᠤᠷᠬᠤ ᠶᠢᠨ ᠮᠦᠷ ᠲᠡᠶ ᠮᠤᠷᠳᠠᠭᠰᠠᠨ ᠶᠤᠮ  

ᠠᠪᠣ ᠡᠵᠢ ᠶᠢᠨ ᠶᠢᠡᠨ ᠵᠠᠬ᠎ᠠ ᠡᠴᠠ  

ᠢᠩᠭᠢᠵᠤ ᠬᠤᠯᠠᠳᠠᠨ ᠶᠠᠪᠣᠳᠠᠭ ᠶᠤᠮ ᠪᠠᠢ᠌ᠨ᠎ᠠ  

ᠠᠷᠪᠠᠨ ᠵᠢᠷᠭᠤᠭ᠎ᠠ ᠲᠡᠶ ᠨᠠᠰᠤ ᠪᠠᠷ ᠵᠢᠠᠨ  

ᠠᠶᠠᠨ ᠤ ᠳᠠᠰᠢᠭᠤᠷ ᠶᠢᠡᠨ ᠭᠢᠭ᠍ᠰᠡᠨ ᠶᠤᠮ  

  

ᠠᠮᠢᠳᠤᠷᠠᠯ ᠤᠨ ᠬᠠᠳᠠᠭᠤ ᠵᠠᠮ ᠵᠢᠠᠷ  

ᠭᠦᠤ ᠮᠢᠨᠢ ᠮᠦᠷ ᠲᠡᠶ ᠡᠷᠭᠢᠴᠡᠭᠦ ᠰᠢᠤ  

ᠭᠠᠩ ᠬᠠᠳᠠᠭᠤ ᠵᠤᠷᠢᠭ ᠵᠢᠠᠷ  

ᠬᠠᠨᠢ ᠪᠠᠨ ᠭᠢᠵᠤ ᠶᠠᠪᠣᠭᠠᠷᠠᠢ  

ᠣᠯᠠᠨ ᠣᠯᠠᠨ ᠠᠪᠣ ᠶᠢᠨ ᠭᠦᠪᠠᠭᠦᠤᠨ ᠳᠤ

ᠮᠦᠷᠤᠢ ᠪᠠᠨ ᠦᠭ‍ᠭᠦ ᠦᠭᠡᠶ ᠰᠢᠯᠭᠠᠷᠠᠬᠤ ᠶᠤᠮ ᠰᠢᠤ  

ᠣᠯᠠᠢ ᠬᠠᠳᠠᠨ ᠳᠤ ᠪᠦᠳᠦᠷᠢᠭ᠍ᠰᠡᠨ  

ᠨᠠᠢ᠌ᠵᠠ ᠪᠠᠨ ᠴᠤ ᠡᠷᠭᠦᠵᠤ ᠰᠤᠷᠬᠤ ᠶᠤᠮ ᠰᠢᠤ  

ᠠᠯᠤᠩᠭ᠋ᠤᠸ᠎ᠠ ᠡᠵᠢ ᠶᠢᠨ ᠳᠠᠪᠤᠨ ᠮᠦᠰᠤᠨ ᠳ᠋ᠤ  

ᠣᠬᠠᠭᠠᠨ ᠤ ᠳᠠᠮᠢᠷᠵᠢᠯ ᠶᠢᠡᠨ ᠳᠡᠵᠢᠭᠡᠭᠡᠷᠡᠢ

ᠠᠩᠭᠢ ᠶᠢᠨ ᠣᠯᠠᠨ ᠨᠥᠭᠦᠤᠨ ᠲᠡᠶ ᠪᠠᠨ  

ᠡᠶᠡᠯᠰᠡᠭ᠌ ᠰᠠᠢ᠌ᠬᠠᠨ ᠶᠠᠪᠣᠯᠴᠠ ᠳ᠋ᠠ  

ᠠᠯᠢ ᠨᠢᠭᠡ ᠶᠢ ᠪᠠᠨ ᠠᠳᠠ ᠪᠣᠤ ᠬᠠᠷᠠ  

ᠠᠳᠠᠯᠢᠬᠠᠨ ᠬᠤᠭᠤᠯᠠᠢ ᠳᠠᠢ  

ᠮᠦᠷ ᠵᠡᠷᠭᠡᠴᠡᠨ ᠳᠠᠪᠰᠢᠭᠠᠷᠠᠢ ︕   

  

ᠡᠵᠢ ᠪᠠᠨ ᠣᠷᠢᠶᠠᠳᠠᠭ ᠭᠦᠤ ᠮᠢᠨᠢ  

ᠡᠷ᠎ᠡ ᠪᠣᠯᠤᠨ ᠳᠤᠷᠨᠢᠵᠠᠢ  

ᠡᠭᠡ ᠣᠷᠤᠨ ᠤ ᠭᠡᠢ᠌ᠮᠦᠷᠢ ᠳ᠋ᠤ  

ᠳᠤᠭ ᠨᠢ ᠪᠣᠯᠵᠤ ᠨᠠᠮᠢᠷᠠᠬᠤ ᠶᠤᠮ  

ᠢᠷᠡᠭᠡᠳᠦᠢ ᠴᠢᠮ᠎ᠠ ᠶᠢ ᠬᠠᠷᠠᠬᠤ ᠪᠣᠯᠬᠤᠷ  

ᠨᠠᠰᠤ ᠶᠢ ᠴᠢᠨᠢ ᠳᠠᠭᠤᠯᠠᠵᠤ ᠶᠠᠪᠣᠳᠠᠭ ᠶᠤᠮ  

ᠪᠠᠢ᠌ᠭᠠᠯᠢ ᠵᠠᠯᠠᠭᠤ ᠪᠠᠷ ᠶᠢᠡᠨ ᠪᠠᠢ᠌ᠶ᠎ᠠ ᠭᠡᠵᠤ  

ᠢᠯᠴᠢ ᠶᠢ ᠴᠢᠨᠢ ᠳᠤᠰᠴᠤ ᠭᠦᠯᠢᠶᠡᠳᠡᠭ᠌ ᠶᠤᠮ᠃   

  

   2011 . 09 .28


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ

ᠵᠤᠬᠢᠶᠠᠭᠴᠢ᠄ ᠪᠠ᠊·ᠣᠤᠠᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2641
ᠴᠠᠭ᠄ 2011 ᠤᠨ ᠤ 09 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ