ᠨᠡᠪᠲᠡᠷᠡᠨ ᠤᠷᠤᠬᠤ
ᠰᠤᠷᠤᠭᠰᠠᠨ ᠵᠠᠩ

ᠰᠤᠷᠤᠭᠰᠠᠨ ᠵᠠᠩ ᠭᠡᠵᠤ ᠭᠦᠮᠤᠨ ᠭᠦᠮᠤᠨ ᠤ ᠠᠩᠬ᠎ᠠ ᠣᠷᠢᠳᠠ ᠡᠴᠡ ᠵᠠᠩᠰᠢᠵᠤ ᠭᠡᠪᠰᠢᠭ᠍ᠰᠡᠨ ᠵᠠᠩ ᠰᠤᠷᠳᠠᠯ᠂ ᠳᠠᠳᠬᠠᠯ ᠰᠠᠳᠭᠢᠴᠠ ᠶᠢ ᠭᠡᠯᠡᠳᠡᠭ᠌᠃ ᠭᠦᠮᠤᠨ ᠭᠦᠮᠤᠨ ᠤ ᠰᠤᠷᠤᠭᠰᠠᠨ ᠊᠊᠊᠊᠊᠊᠊᠊᠊᠊᠊᠊᠊᠊᠊ ᠭᠡᠪᠰᠢᠭ᠍ᠰᠡᠨ ᠵᠠᠩ ᠰᠤᠷᠳᠠᠯ᠂ ᠳᠠᠳᠬᠠᠯ ᠰᠠᠳᠭᠢᠴᠠ ᠠᠳᠠᠯᠢ ᠦᠭᠡᠶ ᠪᠠᠢ᠌ᠳᠠᠭ᠃

    ᠪᠢ ᠬᠠᠷ᠎ᠠ ᠪᠠᠭ᠎ᠠ ᠡᠴᠡ ᠪᠠᠨ ᠨᠤᠮ ᠪᠢᠴᠢᠭ᠌ ᠣᠩᠰᠢᠬᠤ ᠳᠤᠷᠠᠳᠠᠢ᠂ ᠰᠢᠯᠦᠭ᠌ ᠵᠤᠬᠢᠶᠠᠯ ᠪᠢᠴᠢᠭᠦ ᠪᠠᠬᠠᠳᠠᠢ᠃ ᠪᠠᠷᠤᠭ ᠡᠳᠦᠷ ᠡᠳᠦᠷ ᠨᠤᠮ ᠣᠩᠰᠢᠵᠤ᠂ ᠦᠨᠵᠢᠵᠤ ᠬᠤᠨᠤᠭᠠᠤᠨ ᠨᠢᠭᠡ ᠪᠠᠳᠠᠭ ᠰᠢᠯᠦᠭ᠌ ᠵᠤᠬᠢᠶᠠᠯ ᠪᠢᠴᠢᠳᠡᠭ᠌᠃ ᠡᠨᠡ ᠵᠠᠩ ᠶᠢᠡᠨ ᠪᠢ ᠣᠳᠤ ᠪᠣᠯᠳᠠᠯ᠎ᠠ ᠪᠠᠷᠢᠮᠳᠡᠯᠡᠭᠰᠡᠭᠡᠷ᠃   ᠡᠳᠦᠷ ᠡᠳᠦᠷ ᠨᠤᠮ ᠪᠢᠴᠢᠭ᠌ ᠣᠩᠰᠢᠬᠤ ᠦᠭᠡᠶ᠂ ᠦᠨᠵᠢᠵᠤ ᠬᠤᠨᠤᠭᠠᠤᠨ ᠨᠢᠭᠡ ᠬᠤᠶᠠᠷ ᠪᠠᠳᠠᠭ (ᠵᠤᠷᠪᠣᠰ) ᠰᠢᠯᠦᠭ᠌ ᠵᠤᠬᠢᠶᠠᠯ ᠪᠢᠴᠢᠭᠦ ᠦᠭᠡᠶ ᠪᠣᠯ ᠡᠳᠦᠷᠵᠢᠨ ᠭᠢᠳᠠᠯ ᠠᠯᠳᠠᠵᠤ᠂ ᠶᠠᠮᠠᠷ ᠨᠢᠭᠡᠨ ᠶᠠᠭᠤᠮ᠎ᠠ ᠪᠠᠨ ᠭᠡᠭᠡᠵᠤ ᠣᠷᠭᠢᠴᠢᠬᠠᠭᠰᠠᠨ ᠶᠤᠮ ᠰᠢᠭ ᠳᠤᠳᠤᠷ᠎ᠠ ᠬᠤᠭᠤᠰᠤᠷᠠᠭᠠᠤᠨ ᠬᠠᠩᠭ᠋ᠠᠢ᠌ᠷᠠᠭᠠᠤᠨ ᠪᠠᠢ᠌ᠬᠤ ᠶᠤᠮ᠃ ᠨᠤᠮ ᠪᠢᠴᠢᠭ᠌ ᠡᠷᠢᠨ ᠣᠩᠰᠢᠵᠤ ᠭᠡᠳᠤᠨ ᠪᠠᠳᠠᠭ (ᠵᠤᠷᠪᠣᠰ) ᠰᠢᠯᠦᠭ᠌ ᠵᠤᠬᠢᠶᠠᠯ ᠰᠢᠤ ᠶᠠᠭᠤᠮ᠎ᠠ ᠪᠢᠴᠢᠴᠭᠡᠪᠠᠯ᠂ ᠳᠤᠳᠤᠷ᠎ᠠ ᠠᠭᠤᠵᠢᠷᠠᠭᠠᠤᠨ ᠳᠠᠯᠪᠢᠭᠤᠷᠠᠭᠠᠤᠨ ᠶᠠᠪᠣᠴᠢᠬᠠᠬᠤ ᠶᠤᠮ᠃

    ᠦᠨᠦ ᠪᠢ ᠳᠦᠴᠢ ᠬᠤᠯᠠ ᠳᠠᠪᠠᠵᠤ ᠳᠠᠪᠢ ᠳᠤᠯᠪᠠ᠃ ᠡᠳᠦᠷ ᠡᠳᠦᠷ ᠨᠤᠮ ᠰᠤᠨᠢᠨ ᠣᠩᠰᠢᠭᠠᠤᠨ ᠡᠳᠦᠷ ᠡᠳᠦᠷ ᠡᠨᠡ ᠳᠠᠷᠠ ᠶᠢ ᠪᠢᠴᠢᠵᠤ ᠡᠷᠢᠶᠡᠴᠢᠭᠡᠳ ᠶᠠᠭᠤ ᠪᠠᠨ ᠭᠢᠭᠦ ᠶᠤᠮ ᠳ᠋ᠠ᠂ ᠪᠠᠢ᠌ᠴᠢᠬᠠᠶ᠎ᠠ᠂ ᠠᠮᠠᠷᠠᠴᠢᠬᠠᠶ᠎ᠠ᠂ ᠥᠭᠡᠷ᠎ᠡ ᠶᠠᠭᠤᠮ᠎ᠠ ᠭᠢᠴᠢᠭᠡᠶ᠎ᠡ ᠭᠡᠵᠤ ᠵᠠᠷᠢᠮ ᠳᠠᠭᠠᠨ ᠪᠣᠳᠤᠨ᠎ᠠ᠃ ᠭᠡᠪᠠᠴᠤ ᠥᠭᠡᠷ᠎ᠡ ᠭᠢᠭᠦ ᠶᠠᠭᠤᠮ᠎ᠠ ᠭᠡᠵᠢ ᠳᠠᠮᠠᠢ ᠣᠯᠳᠠᠬᠤ ᠦᠭᠡᠶ᠃ ᠡᠳᠦᠷᠵᠢᠨ ᠨᠤᠮ ᠰᠡᠳᠭᠦᠯ᠂ ᠰᠢᠯᠦᠭ᠌ ᠵᠤᠬᠢᠶᠠᠯ ᠳᠠᠷᠢᠭᠢ ᠰᠠᠳᠭᠢᠴᠠ ᠳᠤ ᠮᠢᠨᠢ ᠡᠷᠭᠢᠴᠡᠭᠡᠳ ᠯᠠ᠂ ᠢᠯᠡᠷᠡᠭᠡᠳ ᠯᠠ ᠪᠠᠢ᠌ᠬᠤ ᠶᠤᠮ᠃ ᠢᠩᠭᠢᠭᠦᠯᠡᠷ ᠠᠷᠭ᠎ᠠ ᠪᠣᠰᠤ ᠳᠠᠭᠢᠨ ᠨᠤᠮ ᠰᠤᠨᠢᠨ ᠣᠩᠰᠢᠵᠤ᠂ ᠰᠢᠯᠦᠭ᠌ ᠵᠤᠬᠢᠶᠠᠯ ᠡᠷᠢᠶᠡᠴᠡᠵᠤ ᠰᠠᠭᠤᠨ᠎ᠠ᠃ ᠬᠠᠶᠠ ᠳᠠᠭᠠᠨ ᠪᠠᠰᠠ ᠪᠢᠴᠢᠭ᠍ᠰᠡᠨ ᠶᠠᠭᠤᠮᠠᠰ ᠶᠢᠡᠨ ᠰᠤᠨᠢᠨ ᠰᠡᠳᠭᠦᠯ ᠳᠤ ᠢᠯᠡᠭᠡᠵᠤ ᠨᠡᠢ᠌ᠳᠡᠯᠡᠭᠦᠯᠵᠤ᠂ ᠰᠦᠯᠵᠢᠶ᠎ᠠ ᠵᠠᠭᠤᠴᠢᠯᠠᠭᠤᠷ ᠲᠤ ᠭᠠᠷᠭᠠᠵᠤ ᠰᠠᠭᠤᠨ᠎ᠠ᠃ ᠁

     《ᠰᠤᠷᠤᠭᠰᠠᠨ ᠵᠠᠩ ᠢ ᠰᠤᠷ ᠶᠢᠡᠷ ᠪᠣᠭᠤᠵᠤ ᠪᠣᠯᠬᠤ ᠦᠭᠡᠶ》 ᠭᠡᠭ᠍ᠴᠢ ᠶᠤᠰᠤ ᠴᠤᠬᠤᠮ ᠡᠨᠡ ᠪᠠᠢ᠌ᠬ᠎ᠠ︕


                          2010.10.14. ᠬᠦᠬᠡᠬᠤᠲᠠᠨ᠎ᠡ᠃


ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6182
ᠴᠠᠭ᠄ 2010 ᠤᠨ ᠤ 10 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ