ᠨᠡᠪᠲᠡᠷᠡᠨ ᠤᠷᠤᠬᠤ
ᠮᠤᠩᠭ᠋ᠤᠯ ᠡᠢ᠌ᠮᠤ ᠪᠠᠢ᠌ᠭᠰᠠᠨ

ᠳᠠᠯ᠎ᠠ ᠨᠤᠳᠤᠭ ᠮᠠᠨᠢ ᠦᠷᠭᠡᠨ ᠠᠭᠤᠳᠠᠮ

ᠳᠤᠷᠭᠠᠨ ᠨᠤᠭᠤᠭᠠᠨ ᠪᠠᠯᠴᠢᠭᠡᠷ ᠲᠡᠶ ᠪᠠᠢ᠌ᠭᠰᠠᠨ

ᠳᠠᠩᠰᠤᠭ ᠥᠶ‍ᠦᠭ᠌ ᠪᠠᠶᠠᠨ ᠠᠮᠢᠳᠤᠷᠠᠯ

ᠳᠠᠷᠭᠤᠨ ᠴᠠᠳᠬᠤᠯᠠᠩ ᠰᠡᠳᠭᠢᠯ ᠲᠡᠶ ᠪᠠᠢ᠌ᠭᠰᠠᠨ

ᠨᠤᠳᠤᠭ ᠳᠤᠨᠢ ᠣᠷᠤᠭᠰᠠᠨ ᠭᠦᠮᠤᠨ

ᠵᠥᠭ᠌ ᠶᠢᠡᠨ ᠠᠯᠳᠠᠭᠠᠤᠨ ᠳᠦᠭᠡᠷᠢᠳᠡᠭ᠌ ᠪᠠᠢ᠌ᠭᠰᠠᠨ

ᠨᠠᠭᠤᠷ ᠳᠤᠨᠢ ᠪᠠᠭᠤᠭᠰᠠᠨ ᠰᠢᠪᠠᠭᠤᠨ

ᠨᠢᠰᠭᠦ ᠪᠠᠨ ᠮᠠᠷᠳᠠᠭᠠᠤᠨ ᠵᠢᠷᠭᠠᠳᠠᠭ ᠪᠠᠢ᠌ᠭᠰᠠᠨ

ᠪᠣᠶᠠᠠᠳᠠᠢ ᠪᠣᠭᠤᠷᠤᠯ ᠠᠪᠣ ᠨᠡᠷ ᠮᠢᠨᠢ

ᠪᠣᠷᠤᠭᠵᠢᠭᠤᠨ ᠰᠠᠢ᠌ᠬᠠᠨ ᠢᠷᠦᠭᠡᠯ ᠲᠡᠶ ᠪᠠᠢ᠌ᠭᠰᠠᠨ

ᠪᠣᠷᠤᠮᠳᠤᠭᠠᠢ ᠪᠠᠭ᠎ᠠ ᠳᠡᠭᠦᠨᠡᠷ ᠮᠢᠨᠢ

ᠪᠣᠯᠪᠠᠰᠤᠨ ᠰᠠᠢ᠌ᠬᠠᠨ ᠮᠤᠷᠠᠯ ᠲᠡᠶ ᠪᠠᠢ᠌ᠭᠰᠠᠨ

ᠪᠣᠮ ᠭᠦᠢᠴᠡᠭ᠍ᠰᠡᠨ ᠪᠣᠭᠤᠷᠤᠯ ᠭᠡᠳᠡᠭ᠌

ᠣᠰᠤᠨ ᠵᠢᠷᠤᠭ᠎ᠠ ᠠᠳᠤᠭᠤ ᠲᠡᠶ ᠪᠠᠢ᠌ᠭᠰᠠᠨ

ᠪᠦᠮᠪᠦᠭᠡᠷ ᠴᠠᠭᠠᠨ ᠥᠭᠡᠭᠦᠨ ᠭᠡᠳᠡᠭ᠌

ᠶᠡᠭᠡ ᠰᠡᠭᠦᠯᠳᠤ ᠬᠤᠨᠢ ᠲᠡᠶ ᠪᠠᠢ᠌ᠭᠰᠠᠨ

ᠦᠨᠳᠦᠷ ᠡᠷᠪᠢᠩ ᠤᠨ ᠠᠭᠤᠯᠠ ᠨᠢ

ᠡᠪᠦᠭᠡᠳ ᠤᠨ ᠳᠦᠷᠢ ᠲᠡᠶ ᠰᠡᠭᠦᠢ᠌ᠳᠡᠭ᠌ ᠪᠠᠢ᠌ᠭᠰᠠᠨ

ᠥᠩᠭᠡ ᠢᠯᠭᠠᠷᠠᠭᠰᠠᠨ ᠴᠡᠴᠡᠭᠡᠰ ᠨᠢ

ᠦᠬᠢᠳ ᠤᠨ ᠮᠦᠰᠢᠶᠠᠯ ᠰᠢᠭ᠌ ᠳᠡᠯᠭᠡᠷᠳᠡᠭ᠌ ᠪᠠᠢ᠌ᠭᠰᠠᠨ

ᠦᠷᠭᠡᠨ ᠶᠡᠭᠡ ᠬᠠᠢ᠌ᠳᠠᠭ ᠤᠨ ᠭᠤᠤᠯ

ᠡᠷᠭᠢ ᠪᠠᠨ ᠴᠤᠭᠢᠭᠠᠤᠨ ᠳᠡᠪᠠᠷᠢᠳᠡᠭ᠌ ᠪᠠᠢ᠌ᠭᠰᠠᠨ

ᠡᠪᠦᠷ ᠳᠤᠨᠢ ᠥᠡᠵᠢᠳᠡᠭ᠌ ᠬᠤᠨ ᠭᠠᠯᠠᠭᠤ

ᠡᠩᠭᠡ ᠳᠠᠢ᠌ᠪᠣᠩ ᠴᠡᠩᠭᠡᠳᠡᠭ᠌ ᠪᠠᠢ᠌ᠭᠰᠠᠨ

ᠮᠤᠩᠭ᠋ᠤᠯ ᠭᠡᠷ ᠤᠨ ᠬᠣᠢ᠌ᠮᠤᠷ ᠡᠴᠡ

ᠣᠷᠳᠤ ᠶᠢᠨ ᠳᠠᠭᠤᠤ ᠴᠤᠤᠷᠢᠶᠠᠳᠤᠳᠠᠭ ᠪᠠᠢ᠌ᠭᠰᠠᠨ

ᠮᠤᠷᠢᠨ ᠱᠤᠩ ᠤᠨ ᠣᠶᠠᠭᠠᠨ ᠳᠡᠭᠡᠷ᠎ᠡ

ᠢᠷᠠᠭᠤ ᠦᠣᠷᠰᠠᠯ ᠰᠤᠨᠤᠰᠤᠭᠳᠠᠳᠠᠭ ᠪᠠᠢ᠌ᠭᠰᠠᠨ

ᠮᠤᠷᠢᠯᠠᠨ ᠢᠷᠡᠭ᠍ᠰᠡᠨ ᠭᠡᠢ᠌ᠴᠢᠳ ᠨᠢ

ᠡᠳᠦᠷ ᠥᠡᠵᠢᠭᠡᠳ ᠨᠠᠢ᠌ᠷᠯᠠᠳᠠᠭ ᠪᠠᠢ᠌ᠭᠰᠠᠨ

ᠮᠥᠩᠭᠡ ᠶᠢᠨ ᠵᠠᠶᠠᠭ᠎ᠠ ᠲᠡᠶ ᠨᠤᠳᠤᠭ ᠭᠡᠵᠤ

ᠰᠡᠳᠭᠢᠯ ᠳᠡᠨᠢᠭᠡᠷ ᠪᠠᠶᠠᠰᠳᠠᠭ ᠪᠠᠢ᠌ᠭᠰᠠᠨ

ᠮᠠᠨᠠᠢ᠌ᠭᠢᠰ ᠭᠡᠵᠤ ᠯᠠ ᠡᠢ᠌ᠮᠤ ᠪᠠᠢ᠌ᠭᠰᠠᠨ

ᠭᠠᠯ ᠶᠢᠡᠨ ᠪᠢᠳᠠᠨ ᠳᠠᠭᠢᠳᠠᠭ ᠪᠠᠢ᠌ᠭᠰᠠᠨ

ᠭᠠᠵᠠᠷ ᠣᠰᠤᠨ ᠤ ᠰᠠᠪᠳᠠᠭ ᠢ ᠪᠠᠶᠠᠷᠯᠠᠭᠤᠯᠳᠠᠭ ᠪᠠᠢ᠌ᠭᠰᠠᠨ

ᠪᠣᠯᠠᠭ ᠤᠨ ᠣᠰᠤᠨ ᠳᠤ ᠪᠣᠵᠠᠷ ᠭᠦᠷᠭᠡᠳᠡᠭ᠌ ᠦᠭᠡᠶ ᠪᠠᠢ᠌ᠭᠰᠠᠨ

ᠪᠣᠮᠪᠠ ᠶᠢᠨ ᠰᠠᠢ᠌ᠬᠠᠨ ᠣᠷᠤᠨ ᠭᠡᠵᠤ

ᠨᠤᠳᠤᠭ ᠶᠢᠡᠨ ᠪᠢᠳᠠᠨ ᠮᠠᠭᠳᠠᠳᠠᠭ ᠪᠠᠢ᠌ᠭᠰᠠᠨ

ᠠᠳᠤᠭᠤ ᠪᠠᠨ ᠪᠢᠳᠠᠨ ᠮᠠᠨᠠᠳᠠᠭ ᠪᠠᠢ᠌ᠭᠰᠠᠨ

ᠠᠷᠭᠠᠮᠵᠢ ᠪᠠᠨ ᠪᠢᠳᠠᠨ ᠳᠡᠭᠡᠷ᠎ᠡ ᠳᠠᠯᠪᠢᠳᠠᠭ ᠪᠠᠢ᠌ᠭᠰᠠᠨ

ᠠᠢ᠌ᠯ ᠡᠭᠦᠳᠡᠨ ᠪᠠᠨ ᠣᠨᠢᠰᠤᠯᠠᠳᠠᠭ ᠦᠭᠡᠶ ᠪᠠᠢ᠌ᠭᠰᠠᠨ

ᠠᠷᠢᠭᠢᠨ ᠯᠤᠩᠬᠤ ᠳᠤ ᠮᠤᠷᠢ ᠪᠦᠳᠦᠷᠢᠳᠡᠭ᠌ ᠦᠭᠡᠶ ᠪᠠᠢ᠌ᠭᠰᠠᠨ

ᠰᠦᠨᠢ ᠴᠢᠨ᠋ᠸ᠎ᠠ ᠣᠯᠢᠳᠠᠭ ᠪᠠᠢ᠌ᠭᠰᠠᠨ

ᠰᠤᠭᠳᠤᠭᠤ ᠶᠢᠨ ᠠᠨᠢᠷ ᠰᠤᠨᠤᠰᠤᠭᠳᠠᠬᠤ ᠦᠭᠡᠶ ᠪᠠᠢ᠌ᠭᠰᠠᠨ

ᠰᠠᠷᠯᠤᠭ ᠶᠢᠡᠨ ᠪᠢᠳᠠ ᠰᠠᠭᠠᠳᠠᠭ ᠪᠠᠢ᠌ᠭᠰᠠᠨ

ᠰᠠᠭᠠᠯᠢ ᠪᠠᠨ ᠪᠢᠳᠠ ᠨᠡᠷᠡᠳᠡᠭ᠌ ᠪᠠᠢ᠌ᠭᠰᠠᠨ

ᠬᠤᠨᠢᠨ ᠤ ᠪᠠᠨ ᠬᠤᠳᠠ ᠳᠤ ᠰᠢᠭᠡᠳᠡᠭ᠌ ᠦᠭᠡᠶ ᠪᠠᠢ᠌ᠭᠰᠠᠨ

ᠬᠣᠢ᠌ᠷᠮᠤᠭ ᠶᠢᠡᠷ ᠪᠢᠳᠠ ᠦᠯ ᠳᠠᠷᠤᠳᠠᠭ ᠪᠠᠢ᠌ᠭᠰᠠᠨ

ᠬᠦᠡᠭ᠌ ᠭᠡᠷᠢᠶ᠎ᠡ ᠶᠢᠨ ᠳᠠᠭᠤ ᠡᠴᠡ ᠵᠢᠭ᠍ᠰᠢᠳᠡᠭ᠌ ᠪᠠᠢ᠌ᠭᠰᠠᠨ

ᠬᠤᠳᠠᠯ ᠬᠠᠭᠤᠷᠮᠠᠭ ᠶᠠᠭᠤᠮ᠎ᠠ ᠥᠢᠯᠡᠳᠦᠳᠡᠭ᠌ ᠦᠭᠡᠶ ᠪᠠᠢ᠌ᠭᠰᠠᠨ

ᠳᠠᠭᠢᠯᠭ᠎ᠠ ᠪᠠᠨ ᠪᠢᠳᠠ ᠦᠨᠳᠦᠷ ᠳᠡᠭᠡᠷ᠎ᠡ ᠳᠠᠭᠢᠳᠠᠭ ᠪᠠᠢ᠌ᠭᠰᠠᠨ

ᠳᠡᠭᠡᠳᠤ ᠶᠢᠨ ᠭᠡᠰᠢᠭ᠌ ᠭᠡᠵᠤ ᠴᠢᠯᠠᠭᠤ ᠨᠡᠮᠡᠭᠡᠳ ᠮᠦᠷᠭᠦᠳᠡᠭ᠌ ᠪᠠᠢ᠌ᠭᠰᠠᠨ

ᠳᠡᠯᠡᠭᠡᠢ ᠪᠠᠶᠠᠰᠤᠭ ᠭᠡᠵᠤ ᠰᠦ᠋ ᠰᠠᠴᠤᠭᠠᠤᠨ ᠮᠢᠯᠢᠶᠠᠳᠠᠭ ᠪᠠᠢ᠌ᠭᠰᠠᠨ

ᠳᠠᠮᠪᠠᠷᠢᠯ ᠦᠷᠤᠰᠢᠶᠠ ᠭᠡᠵᠤ ᠬᠠᠳᠠᠭ ᠳᠠᠳᠠᠭᠠᠤᠨ ᠵᠠᠯᠪᠢᠷᠢᠳᠠᠭ ᠪᠠᠢ᠌ᠭᠰᠠᠨ

ᠡ ᠯᠠᠮ᠎ᠠ ᠴᠤᠬᠤ ᠳᠡᠭᠡᠳᠤ ᠮᠢᠨᠢ

ᠪᠢᠳᠠ ᠪᠦᠷ ᠡᠢ᠌ᠮᠤ ᠪᠠᠢ᠌ᠭᠰᠠᠨ

ᠨᠢᠭᠡ ᠬᠤᠨᠢᠨ ᠤ ᠳᠤᠳᠤᠷ ᠳᠤ

ᠣᠯᠠᠨ ᠠᠢ᠌ᠯ ᠴᠠᠳᠳᠠᠭ ᠪᠠᠢ᠌ᠭᠰᠠᠨ

ᠨᠡᠷᠡᠭ᠍ᠰᠡᠨ ᠰᠠᠭᠠᠯᠢ ᠶᠢᠨ ᠠᠷᠢᠭᠢ ᠶᠢ

ᠡᠪᠦᠭᠡᠳ ᠭᠦᠭ᠍ᠰᠢᠳ ᠣᠤᠭᠤᠳᠠᠭ ᠪᠠᠢ᠌ᠭᠰᠠᠨ

ᠬᠤᠨᠢᠨ ᠤ ᠳᠤᠯᠤᠭᠠᠢ ᠰᠢᠭᠢᠷ᠎ᠠ ᠵᠢ

ᠬᠤᠳᠤᠭᠤᠷ ᠣᠷᠤᠭᠤ ᠬᠠᠶᠠᠳᠠᠭ ᠦᠭᠡᠶ ᠪᠠᠢ᠌ᠭᠰᠠᠨ

ᠬᠤᠶᠠᠷ ᠳᠦᠭᠦᠷᠢᠭ᠌ ᠤᠨ ᠦᠨ᠎ᠡ ᠪᠠᠷ

ᠬᠤᠳᠠᠯᠳᠤᠵᠤ ᠪᠢᠳᠠ ᠢᠳᠡᠳᠡᠭ᠌ ᠦᠭᠡᠶ ᠪᠠᠢ᠌ᠭᠰᠠᠨ

ᠬᠠᠢ᠌ᠳᠠᠭ ᠤᠨ ᠭᠤᠤᠯ ᠤᠨ ᠣᠰᠤᠨ ᠳᠠᠳᠠᠷᠳᠠᠭ ᠦᠭᠡᠶ ᠪᠠᠢ᠌ᠭᠰᠠᠨ

ᠬᠠᠨᠠᠭᠠᠷ ᠨᠤᠭᠤᠭᠠᠨ ᠳᠠᠯ᠎ᠠ ᠮᠠᠨᠢ ᠬᠤᠵᠢ᠌ᠳᠠᠭ ᠦᠭᠡᠶ ᠪᠠᠢ᠌ᠭᠰᠠᠨ

ᠬᠠᠷᠠᠮᠴᠢ ᠬᠠᠳᠠᠭᠤᠴᠢ ᠭᠡᠵᠤ ᠪᠢᠳᠠᠨ ᠢ ᠳᠠᠭᠤᠳᠠᠳᠠᠭ ᠦᠭᠡᠶ ᠪᠠᠢ᠌ᠭᠰᠠᠨ

ᠬᠠᠠᠴᠤᠢ ᠳᠤᠳᠤᠷ ᠶᠢᠡᠨ ᠮᠠᠢ᠌ᠮᠠᠢ ᠭᠢᠳᠡᠭ᠌ ᠦᠭᠡᠶ ᠪᠠᠢ᠌ᠭᠰᠠᠨ

ᠪᠣᠰᠴᠤ ᠰᠠᠭᠤᠬᠤ ᠳᠠᠭᠠᠨ ᠱᠠᠯᠠᠮᠭᠠᠢ ᠪᠠᠢ᠌ᠭᠰᠠᠨ

ᠪᠣᠳᠤᠵᠤ ᠰᠡᠳᠭᠢᠭᠦ ᠳᠡᠭᠡᠨ ᠬᠤᠷᠴᠠ ᠪᠠᠢ᠌ᠭᠰᠠᠨ

ᠠᠪᠴᠤ ᠦᠭ‍ᠭᠦ ᠳᠡᠭᠡᠨ ᠳᠦᠷᠭᠡᠨ ᠪᠠᠢ᠌ᠭᠰᠠᠨ

ᠠᠭᠳᠠ ᠮᠤᠷᠢᠨ ᠳᠠᠭᠠᠨ ᠭᠦᠩᠭᠡᠨ ᠪᠠᠢ᠌ᠭᠰᠠᠨ

ᠮᠠᠯᠴᠢᠨ ᠭᠦᠮᠤᠨ ᠮᠤᠲ᠋ᠤᠷ ᠣᠨᠤᠳᠠᠭ ᠦᠭᠡᠶ ᠪᠠᠢ᠌ᠭᠰᠠᠨ

ᠮᠠᠩᠨᠤᠭ ᠨᠤᠭᠤᠭᠠᠨ ᠳᠠᠯ᠎ᠠ ᠳᠤ ᠳᠤᠭᠤᠰᠤ ᠪᠣᠳᠠᠷᠳᠠᠭ ᠦᠭᠡᠶ ᠪᠠᠢ᠌ᠭᠰᠠᠨ

ᠮᠢᠬ᠎ᠠ ᠪᠠᠨ ᠪᠢᠳᠠ ᠪᠣᠷᠴᠠᠯᠠᠵᠤ ᠢᠳᠡᠳᠡᠭ᠌ ᠪᠠᠢ᠌ᠭᠰᠠᠨ

ᠮᠠᠯ ᠶᠢᠡᠨ ᠪᠢᠳᠠ ᠪᠠᠢ᠌ᠯᠠᠵᠤ (ᠣᠳᠤᠷᠯᠠᠵᠤ)ᠬᠠᠷᠢᠭᠤᠯᠳᠠᠭ ᠪᠠᠢ᠌ᠭᠰᠠᠨ

ᠪᠠᠷᠢ ᠭᠦᠮᠤᠨ ᠬᠠᠳᠠᠮ ᠤᠨ ᠨᠠᠷ᠎ᠠ ᠶᠢ ᠳᠠᠭᠤᠳᠠᠳᠠᠭ ᠦᠭᠡᠶ ᠪᠠᠢ᠌ᠭᠰᠠᠨ

ᠪᠠᠭᠡᠷᠡᠭ᠍ᠰᠡᠨ ᠢᠰᠢᠭᠡ ᠶᠢ ᠳᠤᠯᠠᠭᠠᠴᠠᠭᠤᠯᠳᠠᠭ ᠣᠶᠠᠨ ᠵᠥᠭᠡᠯᠡᠨ ᠵᠠᠩ ᠲᠡᠶ ᠪᠠᠢ᠌ᠭᠰᠠᠨ

ᠪᠠᠯᠴᠢᠭᠡᠷ ᠨᠤᠳᠤᠭ ᠮᠢᠨᠢ ᠳᠠᠮᠤᠷ ᠳᠤᠤᠷ ᠲᠤ ᠳᠤᠤᠷᠯᠠᠭᠳᠠᠭ ᠦᠭᠡᠶ ᠪᠠᠢ᠌ᠭᠰᠠᠨ

ᠪᠠᠯᠠᠨ ᠶᠢᠡᠨ ᠢᠳᠠᠵᠤ᠂ ᠪᠠᠢ᠌ᠳᠠᠭ ᠶᠢᠡᠨ ᠡᠳ᠋ᠯᠡᠭᠡᠳ

ᠪᠠᠶᠠᠨ ᠦᠨᠢᠷ ᠶᠠᠪᠣᠳᠠᠭ ᠪᠠᠢ᠌ᠭᠰᠠᠨ

ᠡ ︕ ᠴᠠᠪᠠᠰᠤ ᠪᠢᠳᠠᠨᠤᠰ ᠪᠦᠷ ᠡᠢ᠌ᠮᠤ ᠪᠠᠢ᠌ᠭᠰᠠᠨ

ᠠᠯᠪᠠᠨ ᠤ ᠺᠠᠳ᠋ᠷ ᠨᠤᠶᠠᠤᠨ ᠮᠢᠨᠢ

ᠠᠭᠳᠠ ᠮᠤᠷᠢ ᠡᠴᠡ ᠠᠶᠤᠳᠠᠭ ᠦᠭᠡᠶ ᠪᠠᠢ᠌ᠭᠰᠠᠨ

ᠠᠷᠭᠠᠮᠵᠢ ᠴᠢᠳᠤᠷ ᠶᠢᠡᠨ ᠭᠠᠠᠵᠤᠭᠠᠯᠠᠵᠤ

ᠠᠷᠳᠠᠭ ᠠᠭᠳᠠ ᠶᠢ ᠰᠤᠷᠭᠠᠳᠠᠭ ᠪᠠᠢ᠌ᠭᠰᠠᠨ

ᠮᠠᠰᠢᠨ ᠭᠡᠳᠡᠭ᠌ ᠡᠳ᠋

ᠮᠠᠨ ᠤ ᠨᠤᠳᠤᠭ ᠲᠤ ᠴᠥᠭᠡᠨ ᠪᠠᠢ᠌ᠭᠰᠠᠨ

ᠰᠦᠷᠦᠭ᠌ ᠪᠠᠯᠴᠢᠭ᠍ᠰᠡᠨ ᠳᠠᠯ᠎ᠠ ᠳ᠋ᠤᠨᠢ

ᠰᠥᠯᠵᠢᠯᠳᠡᠭ᠍ᠰᠡᠨ ᠬᠠᠭᠠᠯᠭ᠎ᠠ (ᠵᠠᠮ)ᠥᠵᠡᠭ᠍ᠳᠡᠳᠡᠭ᠌ ᠦᠭᠡᠶ ᠪᠠᠢ᠌ᠭᠰᠠᠨ᠂

ᠠᠷᠢᠭᠢ ᠪᠠᠷ ᠬᠠᠯᠠᠮᠰᠠᠭᠰᠠᠨ ᠠᠬ᠎ᠠ ᠨᠠᠷ

ᠠᠪᠣ ᠡᠴᠡ ᠪᠠᠨ ᠠᠶᠤᠵᠤ ᠬᠤᠳᠤᠭᠤᠷ ᠲᠤ ᠭᠡᠪᠳᠡᠭᠡᠳ ᠰᠡᠷᠭᠦᠳᠡᠭ᠌ ᠪᠠᠢ᠌ᠭᠰᠠᠨ

ᠠᠢ᠌ᠯ ᠤᠨ ᠰᠠᠢ᠌ᠬᠠᠨ ᠪᠠᠷᠢᠶᠠᠴᠤᠳ ᠮᠢᠨᠢ

ᠠᠬᠠᠮᠠᠤᠨ ᠡᠴᠡ ᠪᠠᠨ ᠡᠮᠢᠶᠡᠭᠡᠳ ᠦᠣᠷ ᠬᠠᠷᠠᠩᠭ᠋ᠤᠢ ᠪᠠᠷ ᠪᠣᠰᠳᠠᠭ ᠪᠠᠢ᠌ᠭᠰᠠᠨ

ᠣᠷᠤᠢ ᠶᠢᠨ ᠨᠠᠮᠵᠢᠭᠤᠨ ᠰᠦᠨᠢ ᠨᠤᠭᠦᠳ ᠳᠤ

ᠡᠪᠦᠭᠡᠳ ᠭᠦᠭ᠍ᠰᠢᠳ ᠵᠠᠩᠭ᠋ᠠᠷ ᠬᠠᠢ᠌ᠯᠠᠵᠤ ᠠᠴᠢ ᠵᠢᠴᠢᠨᠠᠷ ᠨᠢ ᠰᠤᠨᠤᠰᠳᠠᠭ ᠪᠠᠢ᠌ᠭᠰᠠᠨ

ᠡᠳᠦᠷ ᠤᠨ ᠶᠠᠭᠠᠷᠠᠯᠳᠠᠢ ᠠᠬᠤᠢ ᠳ᠋ᠤ

ᠠᠬ᠎ᠠ ᠨᠡᠷ ᠠᠳᠤᠭᠤ ᠳᠠᠯᠯᠠᠵᠤ᠂ ᠡᠭᠡᠴᠢᠨᠡᠷ ᠠᠢ᠌ᠷᠠᠭ ᠪᠦᠯᠢᠳᠡᠭ᠌ ᠪᠠᠢ᠌ᠭᠰᠠᠨ

ᠡ ᠭᠦᠭᠡᠷᠦᠭᠦᠢ ᠪᠢᠳᠠ ᠪᠦᠷᠢ ᠡᠢ᠌ᠮᠤ ᠪᠠᠢ᠌ᠭᠰᠠᠨ

ᠪᠠᠢ᠌ᠬᠤ ᠳᠠᠭᠠᠨ ᠪᠦᠷ ᠪᠠᠭᠠᠳᠤᠷᠴᠤᠳ ᠪᠠᠢ᠌ᠭᠰᠠᠨ ᠰᠢᠤ᠃


ᠵᠤᠬᠢᠶᠠᠭᠴᠢ ᠶᠢᠨ ᠬᠠᠶ‍ᠢᠭ ᠄ ᠰᠢᠠᠵᠢᠶᠠᠩ ᠪᠠᠶᠠᠠᠭᠤᠤᠯ ᠵᠸᠤ ᠶᠢᠨ ᠳᠸᠯᠸᠰ ᠬᠤᠷᠢᠶ᠎ᠠ

ᠵᠤᠬᠢᠶᠠᠭᠴᠢ᠄ ᠰ·ᠪᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2610
ᠴᠠᠭ᠄ 2010 ᠤᠨ ᠤ 05 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ