ᠨᠡᠪᠲᠡᠷᠡᠨ ᠤᠷᠤᠬᠤ
ᠪᠢᠳᠠᠨ ᠤ ᠳᠡᠯᠡᠭᠡᠢ

ᠳᠡᠯᠡᠭᠡᠢ ᠮᠢᠨᠢ ᠪᠦᠮᠪᠦᠷᠴᠡᠭ᠌ ᠮᠢᠨᠢ

ᠳᠡᠯᠭᠡᠷ ᠭᠦᠨ ᠴᠡᠩᠭᠡᠷ ᠣᠷᠴᠢᠯᠠᠩ ᠤᠨ ᠮᠠᠠᠳᠠᠯ ᠳᠤ

ᠨᠠᠷᠠᠨ ᠤ ᠳᠤᠭᠤᠷᠢᠭ ᠤᠨ ᠭᠠᠭᠴᠠᠬᠠᠨ ᠠᠮᠢᠳᠤ ᠣᠳᠤᠨ ᠮᠢᠨᠢ

ᠰᠠᠶ᠎ᠠ ᠪᠣᠮᠠᠨ ᠮᠠᠴᠢᠳ ᠤᠨ ᠳᠤᠳᠤᠷ᠎ᠠ ᠡᠴᠡ

ᠰᠠᠷᠠᠨ ᠤ ᠳᠤᠭᠤᠷᠢᠬᠤ ᠭᠡᠡᠵᠡᠭᠡᠨ ᠠᠯᠠᠭ ᠨᠢᠳᠤᠨ ᠮᠢᠨᠢ


ᠴᠢᠮᠡᠭᠡ ᠦᠭᠡᠶ ᠰᠠᠭᠠᠷᠠᠯ ᠪᠣᠳᠠᠩ ᠲᠡᠶ ᠰᠠᠠᠰᠠᠷ ᠲᠠᠭᠠᠨ

ᠴᠢ ᠯᠠ ᠠᠮᠢᠵᠢᠷᠠᠯ ᠶᠢᠡᠷ ᠪᠢᠯᠬᠠᠵᠤ ᠪᠠᠢ᠌ᠭ᠎ᠠ ᠪᠠᠢ᠌ᠬ᠎ᠠ

ᠴᠢᠮ᠎ᠠ ᠡᠴᠡ ᠥᠭᠡᠷ᠎ᠡ ᠪᠠᠶᠠᠨ ᠭᠠᠷᠠᠭ

ᠬᠤᠷᠸ᠎ᠠ ᠶᠢᠨ ᠵᠠᠢ ᠳᠤ ᠥᠭᠡᠷ᠎ᠡ ᠪᠠᠢ᠌ᠬᠤ ᠦᠭᠡᠶ ᠪᠠᠢ᠌ᠬ᠎ᠠ

ᠡᠷᠳᠡᠨ ᠤ ᠭᠠᠯᠪᠠ ᠳᠤ ᠶᠠᠮᠠᠷᠬᠠᠨ ᠳᠦᠷᠭᠦ ᠲᠡᠶ ᠪᠠᠢ᠌ᠭᠰᠠᠨ ᠢ ᠴᠢᠨᠢ

ᠡᠨᠡ ᠭᠦᠮᠤᠨ ᠲᠦᠷᠦᠯᠭᠢᠳᠠᠨ ᠡᠴᠡ ᠡᠮᠦᠨ᠎ᠡ ᠶᠠᠭᠠᠭᠢᠵᠤ ᠪᠠᠢ᠌ᠭᠰᠠᠨ ᠢ ᠴᠢᠨᠢ

ᠡᠩᠨᠡᠵᠤ ᠵᠢᠰᠢᠵᠤ ᠭᠡᠨ ᠴᠤ ᠭᠡᠯᠡᠵᠤ ᠴᠢᠳᠠᠬᠤ ᠦᠭᠡᠶ ᠡᠭᠡ ᠳᠡᠯᠡᠭᠡᠢ ᠮᠢᠨᠢ

ᠠᠮᠢ ᠨᠠᠰᠤ ᠴᠢᠮ᠎ᠠ ᠡᠴᠡ ᠠᠩᠬ᠎ᠠ ᠡᠭᠦᠰᠴᠤ

ᠠᠮᠢᠵᠢᠷᠠᠯ ᠭᠦᠴᠤᠨ ᠴᠢᠮ᠎ᠠ ᠡᠴᠡ ᠡᠭᠢ ᠠᠪᠣᠭᠰᠠᠨ

ᠡᠭᠡ ᠪᠣᠯᠤᠭᠰᠠᠨ ᠳᠡᠯᠡᠭᠡᠢ ᠪᠠᠨ ᠦᠷ᠎ᠡ ᠰᠠᠳᠤ ᠨᠢ ᠳᠡᠭᠡᠭᠡᠳ

ᠡᠷᠭᠢᠭᠦᠯᠵᠤ ᠮᠦᠯᠵᠢᠵᠤ ᠭᠡᠮᠡᠯᠢᠵᠤ ᠡᠭᠢᠯᠡᠭ᠍ᠰᠡᠨ


ᠭᠡᠮᠵᠢᠶ᠎ᠡ ᠳᠠᠮ ᠡᠴᠡ ᠪᠠᠨ ᠭᠡᠳᠦᠷᠡᠭ᠍ᠰᠡᠨ ᠭᠡᠵᠤ

ᠭᠡᠳᠡᠷᠯᠡᠵᠤ ᠬᠠᠶᠠ ᠠᠭᠤᠷᠯᠠᠭᠠᠤᠨ ᠪᠠᠢ᠌ᠨ᠎ᠠ ᠦᠦ ᠳ᠋ᠠ ᠬᠠᠳᠤᠨ ᠳᠡᠯᠡᠭᠡᠢ ᠮᠢᠨᠢ

ᠭᠠᠵᠠᠷ ᠤᠨ ᠳᠤᠯᠭᠢᠰᠤᠯ ᠳᠠᠯᠠᠢ ᠶᠢᠨ ᠰᠠᠯᠭᠢ

ᠭᠦᠴᠢᠯ ᠤᠨ ᠪᠣᠷᠤᠭ᠎ᠠ ᠭᠦᠷᠦᠰᠤᠨ ᠤ ᠨᠡᠭᠦᠳᠡᠯ

ᠮᠦᠰᠤᠨ ᠤ ᠭᠡᠰᠦᠯ ᠣᠰᠤᠨ ᠤ ᠦᠰᠦᠯ ᠴᠠᠰᠤᠨ ᠤ ᠨᠤᠷᠠᠯ ᠭᠡᠳ᠁


ᠨᠠᠪᠴᠢ ᠴᠡᠴᠡᠭ᠌ ᠠᠭᠤᠯᠠ ᠣᠰᠤ ᠪᠠᠨ ᠳᠡᠭᠡᠭᠡᠭᠡᠳ

ᠨᠠᠷᠠᠳᠤ ᠶᠢᠨ ᠵᠠᠮ ᠡᠴᠡ ᠪᠠᠨ ᠰᠠᠯᠴᠢᠬᠤ ᠦᠭᠡᠶ ᠶᠤᠮ ᠪᠢᠵᠠ ᠳ᠋ᠡ

ᠭᠦᠮᠤᠨ ᠶᠢᠡᠷ ᠪᠦᠭᠡᠰᠦᠳᠡᠭ᠍ᠰᠡᠨ ᠪᠠᠶ᠎ᠠ ᠪᠠᠨ ᠳᠠᠭᠠᠭᠠᠯ ᠦᠭᠡᠶ

ᠭᠦᠢᠳᠡᠨ ᠬᠠᠷᠠᠩᠭᠤᠢ ᠳᠤᠮᠳᠠᠭᠤᠷ ᠳᠦᠭᠡᠷᠡᠴᠢᠭᠦ ᠦᠭᠡᠶ ᠶᠤᠮ ᠪᠢᠵᠠ ᠳ᠋ᠡ


ᠣᠢ᠌ ᠲᠦᠮᠡᠨ ᠦᠷᠠᠰ ᠤᠨ ᠭᠢᠨᠢ ᠳᠤᠮᠳᠠ ᠠᠬᠠᠯᠠᠳᠠᠭ

ᠣᠢ ᠰᠠᠢ᠌ᠳᠠᠢ ᠭᠦᠴᠤᠨ ᠳᠡᠭᠦᠯᠳᠡᠷ ᠭᠦᠮᠦᠰ ᠡ

ᠣᠢ᠌ᠮᠤᠷᠠᠵᠤ ᠶᠠᠪᠣᠭ᠎ᠠ ᠡᠵᠢ ᠰᠢᠭ ᠡᠭᠡ ᠳᠡᠯᠡᠭᠡᠢ ᠪᠠᠨ ᠬᠠᠢ᠌ᠷᠠᠯᠠᠵᠤ

ᠣᠳᠤᠮ ᠣᠭᠰᠠᠭ᠎ᠠ ᠪᠠᠨ ᠣᠯᠠᠮ ᠣᠷᠳᠤ ᠳᠡᠯᠡᠵᠡᠭᠡᠶ᠎ᠡ


ᠥᠯᠦᠭᠡᠢ ᠦᠪᠡᠷ ᠶᠢᠡᠨ ᠣᠨᠠᠳᠠᠭ ᠦᠭᠡᠶ

ᠢᠰᠭᠦᠴᠢᠵᠤ ᠳᠠᠢ᠌ᠴᠢᠵᠤ ᠪᠣᠳᠤᠯ ᠥᠭᠡᠢ᠌ᠳᠡᠭ᠍ᠰᠡᠨ ᠡᠴᠡ

ᠥᠯᠦᠭᠡᠢ ᠨᠢ ᠡᠵᠡᠨ ᠲᠡᠶ ᠪᠠᠨ ᠬᠠᠮᠳᠤ ᠣᠩᠬᠤᠯᠳᠠᠳᠠᠭ ᠶᠤᠮ᠂᠂


ᠵᠤᠬᠢᠶᠠᠭᠴᠢ ᠶᠢᠨ ᠬᠠᠶ‍ᠢᠭ ᠄ ᠵᠡᠭᠦᠨ ᠦᠵᠦᠮᠤᠴᠢᠨ

ᠵᠤᠬᠢᠶᠠᠭᠴᠢ᠄ ᠡᠷᠳᠡᠨᠢᠰᠥ᠋ᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2638
ᠴᠠᠭ᠄ 2010 ᠤᠨ ᠤ 04 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ