☆ ᠳ᠋·ᠬᠤᠩ ᠰᠢᠩ
ᠡᠭᠦᠯᠡᠨ ᠴᠠᠭᠠᠨ ᠮᠤᠷᠢ
ᠥᠷᠯᠦᠭ᠌ ᠪᠣᠭᠳᠠ ᠴᠢᠩᠭᠢᠰ ᠤᠨ ᠮᠤᠷᠢᠳ ᠤᠨ ᠣᠳᠤᠮ
ᠦᠩ ᠣᠯᠠᠨ ᠡᠪᠦᠭᠡᠤᠨ ᠥᠪᠯᠡᠭ᠍ᠰᠡᠨ ᠬᠠᠯᠠᠭᠤᠨ ᠬᠤᠰᠢᠭᠤᠳᠠᠨ
ᠡᠵᠡᠨ ᠳᠦᠰᠢᠭ᠍ᠳᠤ ᠮᠤᠩᠭ᠋ᠤᠯᠴᠤᠳ ᠤᠨ ᠰᠦᠯᠳᠡ ᠳᠤᠪᠰᠠᠭᠠ
ᠡᠷ᠎ᠡ ᠭᠦᠮᠤᠨ ᠤ ᠭᠡᠢ᠌ᠮᠦᠷᠢ ᠶᠢᠨ ᠳᠠᠷᠴᠤᠭ
ᠢᠰᠡᠭᠡᠢ ᠳᠤᠭᠤᠷᠭᠠᠳᠠᠨ ᠤ ᠭᠠᠯ ᠭᠤᠯᠤᠮᠳᠠ
ᠳᠤᠭᠤᠷᠠᠢ ᠳᠡᠭᠡᠷ᠎ᠡ ᠨᠢ ᠳᠤᠭᠳᠠᠭᠰᠠᠨ
ᠡᠷ᠎ᠡ ᠶᠢᠨ ᠭᠤᠷᠪᠠᠨ ᠨᠠᠭᠠᠳᠤᠮ ᠤᠨ
ᠳᠡᠷᠢᠭᠦᠨ ᠱᠠᠩ ᠢ ᠭᠦᠷᠳᠡᠭ᠍ᠰᠡᠨ
ᠡᠭᠦᠯᠡᠨ ᠴᠠᠭᠠᠨ ᠮᠤᠷᠢ ᠮᠢᠨᠢ
ᠳᠡᠭ᠍ᠷᠢ ᠶᠢᠨ ᠨᠠᠭᠠᠭᠤᠷ ᠨᠢᠰᠳᠡᠭ᠌︕
ᠠᠷᠪᠠᠨ ᠭᠤᠷᠪᠠᠳᠤᠭᠠᠷ ᠵᠠᠭᠤᠨ ᠤ ᠳᠠᠢ᠌ᠨ ᠳᠤ
ᠬᠠᠮᠳᠤ ᠣᠷᠤᠯᠴᠠᠭᠰᠠᠨ ᠳᠠᠢ᠌ᠴᠢᠨ ᠬᠠᠨᠢ
ᠠᠷᠠᠩᠭ᠋ᠠᠨ ᠳᠠᠢ᠌ᠰᠤᠨ ᠤ ᠢᠷᠳᠤ ᠰᠤᠮᠤᠨ ᠳᠤ
ᠬᠠᠯᠬᠠᠪᠴᠢ ᠪᠣᠯᠤᠭᠰᠠᠨ ᠪᠠᠳᠤ ᠪᠠᠭᠢᠯᠠᠯᠳᠠ
ᠭᠦᠭᠡ ᠳᠤᠭ ᠶᠢᠡᠨ ᠳᠠᠯ ᠳᠡᠭᠡᠷ᠎ᠡ ᠨᠢ ᠮᠠᠠᠳᠤᠭᠤᠯᠵᠤ ᠶᠠᠪᠣᠭᠰᠠᠨ
ᠣᠮᠤᠭᠳᠤ ᠦᠨᠳᠦᠰᠦᠳᠠᠨ ᠤ ᠰᠦᠷ ᠰᠦᠯᠳᠡ
ᠭᠦᠭᠡ ᠰᠤᠳᠤᠷ ᠤᠨ ᠳᠠᠢ᠌ᠯᠤᠮᠵᠢ ᠥᠭᠦᠯᠡᠯ ᠳᠤ
ᠣᠯᠳᠠᠰᠢ ᠦᠭᠡᠶ ᠠᠯᠳᠠᠨ ᠳᠦᠯᠭᠢᠭᠦᠷ
ᠳᠠᠯ ᠪᠣᠰᠤᠭ᠎ᠠ ᠴᠠᠭᠠᠨ ᠮᠤᠷᠢ ᠮᠢᠨᠢ
ᠳᠡᠯᠡᠭᠡᠢ ᠶᠢ ᠳᠤᠩᠰᠤᠯᠭᠠᠭᠰᠠᠨ ᠬᠠᠳᠠᠭᠤ ᠳᠤᠭᠤᠷᠠᠢ︕
ᠮᠤᠩᠭ᠋ᠤᠯ ᠤᠨ ᠠᠭᠤᠤ ᠳᠡᠦᠭᠡᠨ ᠳᠤ
ᠠᠮᠢ ᠪᠠᠨ ᠴᠥᠯᠡᠭ᠍ᠰᠡᠨ ᠭᠠᠪᠢᠶᠠᠳᠠᠨ
ᠮᠤᠳᠤᠨ ᠳᠡᠷᠭᠡᠨ ᠤ ᠭᠦᠷᠳᠤᠨ ᠮᠦᠷ ᠢ
ᠠᠯᠳᠠᠨ ᠳᠡᠯᠡᠭᠡᠢ ᠳᠤ ᠰᠡᠢ᠌ᠯᠦᠭ᠍ᠰᠡᠨ ᠵᠢᠦᠡᠭᠦᠯᠳᠡᠨ
ᠬᠤᠷᠢᠨ ᠨᠢᠭᠡᠳᠦᠭᠡᠷ ᠵᠠᠭᠤᠨ ᠶᠢᠡᠨ ᠮᠢᠯᠢᠶᠠᠭᠰᠠᠨ
ᠬᠤᠷ᠎ᠠ ᠳᠤᠨᠤᠳᠠᠰᠤᠳᠤ ᠬᠤᠪᠢᠯᠭᠠᠨ ᠮᠤᠷᠢᠨ ᠵᠢᠯ
ᠬᠤᠳᠠᠯᠠ ᠣᠯᠠᠨ ᠳᠠᠭᠠᠨ ᠪᠣᠶᠠᠨ ᠢᠪᠠᠭᠡᠭ᠍ᠰᠡᠨ
ᠬᠤᠷᠢᠶᠠᠯᠳᠠ ᠡᠯᠪᠠᠭ᠌ ᠬᠠᠷ᠎ᠠ ᠮᠤᠷᠢᠨ ᠵᠢᠯ
ᠳᠠᠨᠠᠨ ᠴᠠᠭᠠᠨ ᠮᠤᠩᠭ᠋ᠤᠯ ᠮᠤᠷᠢ ᠮᠢᠨᠢ
ᠳᠠᠯ᠎ᠠ ᠨᠤᠳᠤᠭ ᠤᠨ ᠰᠤᠳᠤ ᠴᠢᠮᠡᠭ᠌︕
ᠠᠢ᠌ᠯ ᠳᠤ ᠮᠤᠷᠳᠠᠭᠰᠠᠨ ᠰᠢᠨ᠎ᠠ ᠪᠠᠷᠢ ᠶᠢᠨ
ᠠᠯᠤᠰ ᠲᠤ ᠨᠢᠰᠭᠦ ᠵᠢᠭᠦᠷ
ᠠᠪᠠ ᠳᠤ ᠮᠤᠷᠳᠠᠭᠰᠠᠨ ᠬᠠᠷ᠎ᠠ ᠭᠦᠤ ᠶᠢᠨ
ᠣᠯᠵᠠ ᠶᠢ ᠨᠢ ᠡᠭᠦᠷᠭᠦ ᠨᠥᠭᠦᠤᠨ
ᠮᠢᠩᠭ᠋ᠠᠨ ᠠᠭᠳᠠ ᠶᠢᠨ ᠱᠥᠭᠦᠯᠭᠡᠨ ᠳᠤ ᠳᠡᠷᠢᠭᠦᠯᠡᠭ᠍ᠰᠡᠨ
ᠮᠠᠩᠬᠠᠨ ᠴᠠᠭᠠᠨ ᠮᠤᠷᠢ ᠮᠢᠨᠢ
ᠮᠢᠨᠤ ᠬᠠᠷ᠎ᠠ ᠨᠢᠳᠤᠨ ᠭᠦᠤ
ᠮᠠᠯ ᠳᠤ ᠣᠨᠤᠳᠠᠭ ᠨᠤᠮᠤᠬᠠᠨ ᠮᠤᠷᠢ ᠮᠢᠨᠢ
ᠡᠭᠦᠯᠡᠨ ᠴᠠᠭᠠᠨ ᠮᠤᠷᠢ ᠮᠢᠨᠢ
ᠡᠭᠦᠷᠢᠳᠡ ᠰᠢᠯᠦᠭ᠌ ᠤᠨ ᠮᠢᠨᠢ ᠰᠥᠭ᠌ ᠰᠦᠨᠠᠰᠤ
ᠮᠠᠠᠳᠤᠨ ᠭᠦᠭ᠍ᠵᠢᠭᠦ ᠰᠢᠨ᠎ᠠ ᠵᠠᠭᠤᠨ ᠳᠤ ᠴᠤ
ᠮᠠᠯᠯᠠᠨ ᠥᠷᠡᠵᠢᠭᠦᠯᠭᠦ ᠳᠠᠪᠤᠨ ᠬᠤᠰᠢᠭᠤᠨ ᠮᠠᠯ ᠤᠨ ᠨᠢᠭᠡ
ᠮᠠᠯᠴᠢᠨ ᠠᠮᠢᠳᠤᠷᠠᠯ ᠤᠨ ᠣᠳᠤᠷ ᠨᠡᠭᠦᠳᠡᠯ ᠳᠤ ᠴᠤ
ᠮᠠᠭᠠᠤᠨ ᠣᠰᠠᠤᠠᠴᠤ ᠪᠣᠯᠤᠰᠢ ᠦᠭᠡᠶ ᠣᠨᠤᠭ᠎ᠠ
ᠴᠠᠰᠤᠳᠤ ᠥᠡᠳᠦᠷᠯᠢᠭ᠌ ᠤᠨ ᠨᠠᠯᠤ ᠭᠠᠨᠤ ᠶᠢ
ᠴᠤᠮᠪᠤᠨ ᠳᠦᠷᠪᠡᠨ ᠳᠤᠭᠤᠷᠠᠢ ᠪᠠᠷ ᠶᠢᠡᠨ ᠰᠡ᠊ᠨᠳᠡᠯᠡᠭ᠍ᠰᠡᠨ
ᠴᠡᠴᠡᠭ᠍ᠳᠤ ᠴᠠᠢ᠌ᠳᠠᠮ ᠤᠨ ᠭᠦᠨ ᠣᠷᠤᠰᠬᠠᠯ ᠢ
ᠰᠤᠮᠤᠨ ᠬᠤᠷᠳᠤᠨ ᠭᠦᠶᠦᠳᠡᠯ ᠶᠢᠡᠷ ᠶᠢᠡᠨ ᠳᠤᠰᠤᠯᠠᠭᠰᠠᠨ
ᠡᠭᠦᠯᠡᠨ ᠴᠠᠭᠠᠨ ᠮᠤᠷᠢ ᠮᠢᠨᠢ
ᠡᠷᠭᠡ ᠴᠢᠯᠦᠭᠡᠨ ᠤ ᠳᠤᠩᠬᠠᠭ︕
ᠵᠤᠬᠢᠶᠠᠭᠴᠢ᠄ ᠳ᠋·ᠬᠤᠩ ᠰᠢᠩ
ᠢᠷᠡᠯᠲᠡ᠄ ᠨᠡᠷᠡᠡᠴᠡᠴᠡᠭ᠌
ᠬᠠᠷᠢᠶ᠎ᠠ᠄
ᠰᠢᠯᠦᠭᠳᠠᠷᠤᠮ᠄ 3066
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ