☆ ᠢ᠊·ᠮᠥᠩᠬᠡᠡᠷᠳᠡᠨᠢ
ᠪᠢ ᠬᠠᠢ᠌ᠷᠠᠳᠠᠢ
ᠨᠠᠭᠠᠳᠤᠮ ᠤᠨ ᠳᠠᠯᠠᠪᠣᠷ ᠲᠤ ᠴᠢᠮ᠎ᠠ ᠶᠢ ᠭᠤᠶᠤᠭᠰᠠᠨ ᠪᠣᠯᠬᠤᠷ
ᠳᠠᠪᠠᠯ ᠳᠤ ᠴᠢᠨᠢ ᠪᠢ ᠬᠠᠢ᠌ᠷᠠᠳᠠᠢ
ᠨᠠᠷᠠᠨ ᠤ ᠬᠤᠷᠸ᠎ᠠ ᠳᠤ ᠴᠢᠮ᠎ᠠ ᠶᠢ ᠳᠠᠭᠠᠭᠰᠠᠨ ᠪᠣᠯᠬᠤᠷ
ᠰᠡᠭᠦᠳᠡᠷ ᠲᠤ ᠴᠢᠨᠢ ᠪᠢ ᠬᠠᠢ᠌ᠷᠠᠳᠠᠢ
ᠰᠠᠢ᠌ᠬᠠᠨ ᠴᠢᠨᠤ ᠨᠢᠳᠤᠨ ᠳᠤ ᠣᠨᠠᠭᠰᠠᠨ ᠪᠣᠯᠬᠤᠷ
ᠳᠡᠭ᠍ᠷᠢ ᠶᠢᠨ ᠰᠠᠷᠠᠨ ᠳᠤ ᠪᠢ ᠬᠠᠢ᠌ᠷᠠᠳᠠᠢ
ᠰᠠᠷᠠᠭᠤᠯ ᠳᠠᠯ᠎ᠠ ᠳᠠᠭᠠᠨ ᠠᠯᠬᠤᠭᠠᠤᠨ ᠢᠷᠡᠭ᠍ᠰᠡᠨ ᠪᠣᠯᠬᠤᠷ ᠴᠢᠨᠢ
ᠳᠡᠯᠡᠭᠡᠢ ᠶᠢᠨ ᠴᠢᠯᠠᠭᠤᠨ ᠳᠤ ᠪᠢ ᠬᠠᠢ᠌ᠷᠠᠳᠠᠢ︕
ᠬᠠᠷᠠᠩᠭ᠋ᠤᠢ ᠴᠢᠨᠤ ᠭᠡᠵᠢᠭᠡ ᠶᠤᠮ ᠪᠣᠯᠬᠤᠷ ᠪᠢ ᠬᠠᠢ᠌ᠷᠠᠳᠠᠢ
ᠬᠠᠰ ᠴᠢᠨᠤ ᠴᠢᠷᠠᠢ ᠶᠤᠮ ᠪᠣᠯᠬᠤᠷ ᠪᠢ ᠬᠠᠢ᠌ᠷᠠᠳᠠᠢ
ᠨᠠᠷᠠ ᠴᠢᠨᠤ ᠭᠤᠶᠤᠯ ᠶᠤᠮ ᠪᠣᠯᠬᠤᠷ ᠪᠢ ᠬᠠᠢ᠌ᠷᠠᠳᠠᠢ
ᠨᠠᠪᠴᠢ ᠴᠢᠨᠤ ᠣᠷᠤᠭᠤᠯ ᠶᠤᠮ ᠪᠣᠯᠬᠤᠷ ᠪᠢ ᠬᠠᠢ᠌ᠷᠠᠳᠠᠢ︕
ᠵᠤᠬᠢᠶᠠᠭᠴᠢ᠄ ᠢ᠊·ᠮᠥᠩᠬᠡᠡᠷᠳᠡᠨᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3099
ᠴᠠᠭ᠄ 2009 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ