☆ ᠥᠭᠡᠯᠡᠳ·ᠵᠠᠮᠰᠠ
ᠡᠮ ᠵᠠᠷᠤᠬᠤ ᠳᠤ ᠠᠩᠬᠠᠷᠤᠭᠤᠰᠢᠳᠠᠢ 10 ᠶᠠᠪᠣᠳᠠᠯ
ᠡᠪᠡᠳᠴᠢᠨ ᠵᠠᠰᠠᠬᠤ ᠳᠤ ᠡᠮ ᠢ ᠡᠷᠭᠡᠪᠰᠢ ᠵᠦᠪ ᠵᠠᠷᠤᠬᠤ ᠭᠡᠷᠡᠭ᠍ᠳᠡᠢ᠃ ᠡᠮ ᠳᠤ ᠳᠠᠢ᠌ᠯᠪᠣᠷᠢ ᠳᠤᠳᠤᠷᠬᠠᠢ᠌ᠯᠠᠯᠳᠠ ᠲᠡᠶ᠂ ᠡᠮ ᠦᠭᠭᠦ ᠳᠡᠭᠡᠨ ᠡᠮᠴᠢ ᠡᠴᠡ ᠡᠮ ᠵᠠᠷᠤᠬᠤ ᠠᠷᠭ᠎ᠠ ᠶᠢ ᠭᠦᠮᠦᠰ ᠲᠤ ᠳᠤᠳᠤᠷᠬᠠᠢ ᠭᠡᠯᠡᠵᠤ ᠥᠭ᠍ᠳᠡᠭ᠌ ᠪᠣᠯᠪᠠᠴᠤ ᠭᠦᠮᠦᠰ ᠤᠨ ᠵᠠᠷᠢᠮ ᠨᠢ ᠮᠦᠨ ᠯᠠ ᠡᠮ ᠢ ᠪᠣᠷᠤᠭᠤ ᠵᠠᠷᠤᠬᠤ ᠶᠠᠪᠣᠳᠠᠯ ᠭᠠᠷᠳᠠᠭ᠃ ᠡᠮ ᠢ ᠪᠣᠷᠤᠭᠤ ᠵᠠᠷᠤᠪᠠᠯ᠂ ᠬᠦᠩᠭᠡᠨ ᠳᠡᠭᠡᠨ ᠡᠪᠡᠳᠴᠢᠨ ᠶᠢᠡᠨ ᠡᠳᠡᠭᠡᠷᠡᠭᠦᠯᠵᠤ ᠡᠰᠡ ᠴᠢᠳᠠᠨ᠂ ᠭᠦᠡᠳᠤ ᠳᠡᠭᠡᠨ ᠠᠮᠢ ᠪᠠᠨ ᠠᠯᠳᠠᠬᠤ ᠠᠶᠤᠯᠳᠠᠢ ᠶᠤᠮ᠃ ᠡᠢ᠌ᠮᠦ ᠡᠴᠡ ᠡᠮ ᠵᠠᠷᠤᠬᠤ ᠳᠤ ᠳᠤᠤᠷᠠᠭᠢ 10 ᠶᠠᠪᠣᠳᠠᠯ ᠢ ᠡᠷᠭᠡᠪᠰᠢ ᠠᠩᠬᠠᠷᠬᠤ ᠭᠡᠷᠡᠭ᠍ᠳᠡᠢ᠃
1. ᠵᠤᠷ ᠦᠭᠡᠶ ᠠᠪᠣᠭᠰᠠᠨ ᠡᠮ ᠢ ᠣᠤᠭᠤᠬᠤ ᠳᠠᠭᠠᠨ ᠡᠮ ᠤᠨ ᠳᠠᠢ᠌ᠯᠪᠣᠷᠢ ᠳᠤᠳᠤᠷᠬᠠᠢ᠌ᠯᠠᠯᠳᠠ ᠶᠢ ᠣᠷᠢᠳᠠᠪᠠᠷ ᠣᠩᠰᠢᠵᠤ ᠣᠢ᠌ᠯᠠᠭᠠᠬᠤ ᠭᠡᠷᠡᠭ᠍ᠳᠡᠢ᠃ ᠵᠠᠷᠢᠮ ᠭᠦᠮᠤᠨ ᠵᠤᠷ ᠦᠭᠡᠶ ᠠᠪᠣᠭᠰᠠᠨ ᠡᠮ ᠢ ᠬᠠᠮᠢᠶ᠎ᠠ ᠦᠭᠡᠶ ᠣᠤᠭᠤᠵᠤ ᠪᠣᠯᠤᠨ᠎ᠠ ᠭᠡᠳᠡᠭ᠌᠃ ᠡᠨᠠ ᠪᠣᠯ ᠲᠤᠢ᠌ᠯ ᠤᠨ ᠪᠣᠷᠤᠭᠤ ᠦᠵᠡᠯᠳᠠ ᠪᠣᠯᠤᠨ᠎ᠠ᠃ ᠵᠢᠱᠢᠶᠠᠯᠠᠪᠠᠯ ᠴᠥᠭᠡᠨ ᠪᠣᠰᠤ ᠭᠦᠮᠦᠰ᠂ ᠡᠪᠡᠳᠭᠦ ᠶᠢ ᠨᠠᠮᠳᠠᠭᠠᠬᠤ ᠡᠮ ᠵᠡᠷᠭᠡ ᠵᠤᠷ ᠦᠭᠡᠶ ᠠᠪᠣᠭᠰᠠᠨ ᠡᠮ ᠢ ᠭᠡᠳᠦᠷᠡᠳᠡᠯ᠎ᠡ ᠣᠤᠭᠤᠭᠰᠠᠨ᠂ ᠳᠤᠭᠤᠯᠤᠭᠤᠯᠬᠤ ᠡᠮ ᠪᠣᠶᠤ ᠰᠢᠷ᠎ᠠ ᠳᠠᠷᠤᠬᠤ ᠡᠮ ᠢ ᠭᠡᠳᠦᠷᠡᠳᠡᠯ᠎ᠡ ᠣᠤᠭᠤᠭᠰᠠᠨ᠂ ᠠᠳᠠᠯᠢ ᠪᠣᠰᠤ ᠡᠮ ᠢ ᠣᠤᠭᠤᠭᠠᠤᠨ ᠬᠠᠷᠰᠢᠭᠰᠠᠨ ᠵᠡᠷᠭᠡ ᠶᠠᠪᠣᠳᠠᠯ ᠡᠴᠡ ᠪᠣᠯᠵᠤ ᠪᠠᠶ᠎ᠠ ᠮᠠᠬᠠᠪᠣᠤᠨ ᠤᠨ ᠡᠷᠡᠭᠦᠯ ᠮᠠᠠᠳᠤ ᠪᠠᠨ ᠭᠡᠮᠳᠦᠭᠡᠭ᠍ᠰᠡᠨ ᠪᠠᠢ᠌ᠳᠠᠭ᠃ ᠡᠢ᠌ᠮᠦ ᠡᠴᠡ ᠡᠮ ᠣᠤᠭᠤᠬᠤ ᠳᠠᠭᠠᠨ ᠡᠷᠭᠡᠪᠰᠢ ᠡᠮ ᠤᠨ ᠳᠠᠢ᠌ᠯᠪᠣᠷᠢ ᠳᠤᠳᠤᠷᠬᠠᠢ᠌ᠯᠠᠯᠳᠠ ᠶᠢ ᠣᠷᠢᠳᠠᠪᠠᠷ ᠣᠩᠰᠢᠵᠤ ᠣᠢ᠌ᠯᠠᠭᠠᠬᠤ ᠭᠡᠷᠡᠭ᠍ᠳᠡᠢ᠃
2. ᠬᠤᠳᠤᠭᠤᠳᠤ ᠮᠠᠭᠤ ᠪᠣᠯ ᠳᠠᠢ᠌ᠪᠣᠰᠢᠷᠠᠭᠤᠯᠬᠤ ᠡᠮ ᠢ ᠦᠷᠭᠦᠯᠵᠢ ᠣᠤᠭᠤᠵᠤ ᠪᠣᠯᠬᠤ ᠦᠭᠡᠶ᠃ ᠳᠠᠢ᠌ᠪᠣᠰᠢᠷᠠᠭᠤᠯᠬᠤ ᠡᠮ ᠣᠤᠭᠤᠵᠤ ᠣᠠᠳᠠᠳᠠᠭ ᠭᠦᠮᠦᠰ ᠤᠨ ᠰᠦᠨᠢ ᠪᠠᠷ ᠬᠤᠳᠤᠭᠤᠳᠤ ᠶᠢᠨ ᠰᠢᠷ᠎ᠠ ᠬᠤᠰᠤᠬᠤ ᠨᠤᠷᠮ᠎ᠠ ᠨᠢ ᠡᠩ ᠤᠨ ᠭᠦᠮᠦᠰ ᠤᠨ ᠭᠢ ᠡᠴᠡ 50% ᠶ᠋ᠢᠡᠷ ᠢᠯᠡᠭᠦᠤ ᠪᠠᠢ᠌ᠳᠠᠭ᠃ ᠡᠭᠦᠨ ᠶᠢᠡᠷ ᠪᠠᠷᠠᠬᠤ ᠦᠭᠡᠶ᠂ ᠵᠤᠷ ᠶᠢᠡᠷ ᠠᠪᠣᠭᠰᠠᠨ ᠡᠳᠡᠭᠡᠷ ᠳᠠᠢ᠌ᠪᠣᠰᠢᠷᠠᠭᠤᠯᠬᠤ ᠡᠮ ᠨᠢ ᠣᠯᠠᠭᠠᠨ ᠬᠤᠭᠤᠯᠠᠢ ᠶᠢᠨ ᠳᠤᠤᠷ᠎ᠠ ᠭᠡᠰᠡᠭ᠌ ᠤᠨ ᠪᠣᠯᠴᠢᠩ ᠢ ᠳᠠᠯᠪᠢᠷᠠᠭᠤᠯᠤᠨ᠂ ᠬᠤᠳᠤᠭᠤᠳᠤᠨ ᠳᠤ ᠣᠷᠤᠭᠰᠠᠨ ᠶᠠᠭᠤᠮ᠎ᠠ ᠶᠢ ᠣᠯᠠᠭᠠᠨ ᠬᠤᠭᠤᠯᠠᠢ ᠳᠤ ᠪᠣᠴᠠᠨ ᠣᠷᠤᠬᠤ ᠪᠣᠯᠭᠠᠵᠤ᠂ ᠰᠢᠷ᠎ᠠ ᠬᠤᠰᠤᠭᠤᠯᠳᠠᠭ᠃
3. ᠰᠠᠭᠤᠯᠭᠠᠭᠠᠤᠨ ᠬᠠᠯᠠᠭᠤᠷᠠᠵᠤ ᠪᠠᠢ᠌ᠬᠤ ᠦᠶ᠎ᠡ ᠳᠡᠭᠡᠨ ᠣᠷᠢᠳᠠᠪᠠᠷ ᠰᠠᠭᠤᠯᠭᠠᠬᠤ ᠶᠢ ᠵᠤᠭᠰᠤᠭᠠᠬᠤ ᠡᠮ ᠢ ᠣᠤᠭᠤᠵᠤ ᠦᠯᠦ ᠪᠣᠯᠤᠨ᠎ᠠ᠃ ᠰᠠᠭᠤᠯᠭᠠᠭᠠᠤᠨ ᠬᠠᠯᠠᠭᠤᠷᠠᠵᠤ ᠪᠠᠢ᠌ᠬᠤ ᠦᠶ᠎ᠡ ᠳᠤ ᠰᠠᠭᠤᠯᠭᠠᠬᠤ ᠶᠢ ᠵᠤᠭᠰᠤᠭᠠᠬᠤ ᠡᠮ ᠢ ᠬᠠᠮᠢᠶ᠎ᠠ ᠨᠠᠮᠢᠶ᠎ᠠ ᠦᠭᠡᠶ ᠣᠤᠭᠤᠵᠤ ᠪᠣᠯᠬᠤ ᠦᠭᠡᠶ᠃ ᠬᠠᠯᠠᠭᠤᠷᠠᠵᠤ ᠪᠠᠢ᠌ᠬᠤ ᠨᠢ ᠦᠷᠪᠢᠰᠤᠯ ᠲᠡᠶ ᠪᠠᠢ᠌ᠬᠤ ᠶᠢᠨ ᠢᠯᠠᠷᠠᠯ ᠪᠣᠯᠬᠤ ᠳᠤᠯᠠ ᠳᠠᠷᠣᠢ᠌ᠬᠠᠨ ᠡᠮᠨᠡᠯᠭᠡ ᠳᠤ ᠣᠴᠢᠵᠤ ᠡᠪᠡᠳᠴᠢᠨ ᠶᠢᠡᠨ ᠥᠵᠡᠭᠦᠯᠭᠦ ᠭᠡᠷᠡᠭ᠍ᠳᠡᠢ᠃
4. ᠵᠢᠷᠦᠭᠡ ᠴᠢᠰᠤᠨ ᠰᠤᠳᠠᠯ ᠤᠨ ᠡᠪᠡᠳᠴᠢᠨ ᠦᠭᠡᠶ ᠪᠣᠯ ᠠᠰᠫᠢᠷᠢᠨ ᠣᠤᠭᠤᠵᠤ ᠪᠣᠯᠬᠤ ᠦᠭᠡᠶ᠃ ᠠᠰᠫᠢᠷᠢᠨ ᠣᠤᠭᠤᠪᠠᠯ ᠬᠤᠳᠤᠭᠤᠳᠤᠨ ᠡᠴᠡ ᠴᠢᠰᠤ ᠭᠠᠷᠬᠤ ᠠᠶᠤᠯ ᠲᠡᠶ ᠳᠤᠯᠠ ᠵᠢᠷᠦᠭᠡ ᠴᠢᠰᠤᠨ ᠰᠤᠳᠠᠯ ᠤᠨ ᠡᠪᠡᠳᠴᠢᠨ ᠦᠭᠡᠶ ᠭᠦᠮᠤᠨ ᠪᠣᠯ ᠡᠳᠤᠷ ᠪᠦᠷᠢ ᠠᠰᠫᠢᠷᠢᠨ ᠣᠤᠭᠤᠵᠤ ᠦᠯᠦ ᠪᠣᠯᠤᠨ᠎ᠠ᠃ ᠡᠮᠴᠢ ᠪᠣᠯ ᠵᠢᠷᠦᠭᠡᠨ ᠡᠪᠡᠳᠴᠢᠨ ᠲᠡᠶ ᠭᠦᠮᠤᠨ ᠪᠣᠯᠤᠨ ᠰᠠ ᠳᠤ ᠳᠠᠭᠠᠷᠢᠭᠳᠠᠬᠤ ᠠᠶᠤᠯ ᠲᠡᠶ ᠭᠦᠮᠤᠨ ᠳᠤ ᠯᠠ ᠠᠰᠫᠢᠷᠢᠨ ᠣᠤᠭᠤᠵᠤ ᠪᠠᠢ᠌ᠭᠠᠷᠠᠢ ᠭᠡᠵᠤ ᠵᠠᠭᠢᠵᠤ ᠪᠠᠢ᠌ᠳᠠᠭ᠃
5. ᠳᠠᠢ᠌ᠪᠣᠰᠢᠷᠠᠭᠤᠯᠬᠤ ᠡᠮ ᠣᠤᠭᠤᠬᠤ ᠪᠠᠨ ᠭᠡᠨᠡᠳᠲᠡ ᠵᠤᠭᠰᠤᠵᠤ ᠪᠣᠯᠬᠤ ᠦᠭᠡᠶ᠃ ᠣᠷᠳᠤ ᠬᠤᠭᠤᠴᠠᠭ᠎ᠠ ᠪᠠᠷ ᠳᠠᠢ᠌ᠪᠣᠰᠢᠷᠠᠭᠤᠯᠬᠤ ᠡᠮ ᠣᠤᠭᠤᠵᠤ ᠪᠠᠢ᠌ᠭ᠎ᠠ ᠭᠦᠮᠦᠰ ᠳᠠᠢ᠌ᠪᠣᠰᠢᠷᠠᠭᠤᠯᠬᠤ ᠡᠮ ᠣᠤᠭᠤᠬᠤ ᠪᠠᠨ ᠭᠡᠨᠡᠳᠲᠡ ᠵᠤᠭᠰᠤᠵᠤ ᠪᠣᠯᠬᠤ ᠦᠭᠡᠶ᠃ ᠳᠠᠢ᠌ᠪᠣᠰᠢᠷᠠᠭᠤᠯᠬᠤ ᠡᠮ ᠣᠤᠭᠤᠬᠤ ᠪᠠᠨ ᠵᠤᠭᠰᠤᠶᠠ ᠭᠡᠪᠠᠯ᠂ ᠡᠮ ᠤᠨ ᠭᠡᠮᠵᠢᠶ᠎ᠡ ᠪᠠᠨ ᠠᠭᠠᠵᠢᠮ ᠠᠭᠠᠵᠢᠮ ᠶᠢᠡᠷ ᠪᠠᠭᠠᠰᠬᠠᠵᠤ ᠪᠠᠢ᠌ᠭᠠᠤᠨ ᠡᠴᠦᠰ ᠲᠡᠭᠡᠨ ᠣᠤᠭᠤᠬᠤ ᠪᠠᠨ ᠵᠤᠭᠰᠤᠬᠤ ᠳᠤᠬᠠᠢ ᠡᠮᠴᠢ ᠡᠴᠡ ᠠᠰᠠᠭᠤᠵᠤ ᠪᠣᠯᠤᠨ᠎ᠠ᠃ ᠳᠡᠭᠡᠭᠦ ᠦᠭᠡᠶ ᠪᠣᠯ ᠮᠠᠨᠠᠷᠠᠵᠤ ᠣᠨᠠᠬᠤ ᠮᠠᠳᠤ ᠶᠢᠨ ᠪᠣᠰᠤᠳ ᠵᠣᠢ᠌ᠯ ᠤᠨ ᠳᠠᠭᠠᠯᠳᠤᠬᠤ ᠭᠦᠡᠳᠤ ᠡᠪᠡᠳᠴᠢᠨ ᠳᠤ ᠨᠡᠷᠪᠠᠭ᠍ᠳᠡᠵᠤ ᠮᠠᠳᠠᠨ᠎ᠡ᠃
6. ᠨᠢᠭᠡ ᠵᠣᠢ᠌ᠯ ᠤᠨ ᠨᠢᠶᠠᠨ ᠳᠠᠷᠤᠭᠴᠢ ᠪᠠᠷ ᠦᠷᠪᠢᠰᠤᠯ ᠪᠦᠭᠦᠨ ᠢ ᠳᠠᠷᠤᠨ᠎ᠠ ᠭᠡᠵᠤ ᠪᠠᠢ᠌ᠵᠤ ᠪᠣᠯᠬᠤ ᠦᠭᠡᠶ᠃ ᠠᠳᠠᠯᠢ ᠪᠣᠰᠤ ᠨᠢᠶᠠᠨ ᠳᠠᠷᠤᠭᠴᠢ ᠨᠢ ᠠᠳᠠᠯᠢ ᠪᠣᠰᠤ ᠶᠢᠨ ᠦᠷᠪᠢᠰᠤᠯ ᠢ ᠳᠠᠷᠤᠳᠠᠭ᠃ ᠨᠢᠶᠠᠨ ᠳᠠᠷᠤᠭᠴᠢ ᠶᠢ ᠪᠣᠷᠤᠭᠤ ᠵᠠᠷᠤᠪᠠᠯ᠂ ᠶᠠᠮᠠᠷᠴᠤ ᠡᠪᠡᠳᠴᠢᠨ ᠵᠠᠰᠠᠬᠤ ᠣᠢ᠌ᠯᠠᠳᠤᠯ ᠭᠠᠷᠬᠤ ᠦᠭᠡᠶ ᠮᠦᠷᠳᠡᠭᠡᠨ ᠭᠡᠳᠡᠷᠭᠦ ᠪᠠᠨ ᠡᠪᠡᠳᠴᠢᠨ ᠢ ᠡᠮ ᠳᠤ ᠳᠠᠭᠠᠭᠠᠮᠠᠭᠠᠢ ᠪᠣᠯᠭᠠᠴᠢᠬᠠᠳᠠᠭ᠃ ᠨᠢᠭᠡ ᠵᠣᠢ᠌ᠯ ᠤᠨ ᠨᠢᠶᠠᠨ ᠳᠠᠷᠤᠭᠴᠢ ᠶᠢ ᠵᠥᠪᠭᠡᠨ ᠨᠢᠭᠡ ᠵᠠᠰᠠᠯᠭ᠎ᠠ ᠶᠢᠨ ᠬᠤᠭᠤᠴᠠᠭ᠎ᠠ ᠪᠠᠷ ᠭᠡᠷᠡᠭᠯᠡᠭᠦ ᠭᠡᠷᠡᠭ᠍ᠳᠡᠢ᠃
7. ᠮᠠᠳᠠᠷᠠᠯ ᠤᠨ ᠡᠪᠡᠳᠴᠢᠨ ᠤ ᠡᠮ ᠢ ᠬᠠᠮᠢᠶ᠎ᠠ ᠨᠠᠮᠢᠶ᠎ᠠ ᠦᠭᠡᠶ ᠣᠤᠭᠤᠵᠤ ᠪᠣᠯᠬᠤ ᠦᠭᠡᠶ᠃ ᠵᠠᠷᠢᠮ ᠰᠤᠳᠤᠯᠭᠠᠨ ᠤ ᠦᠷ᠎ᠡ ᠪᠦᠳᠦᠭᠡᠯ ᠤᠨ ᠬᠠᠷᠠᠭᠤᠯᠤᠭᠰᠠᠨ ᠶᠢᠡᠷ᠂ ᠮᠠᠳᠠᠷᠠᠯ ᠤᠨ ᠡᠪᠡᠳᠴᠢᠨ ᠤ ᠡᠮ ᠢ ᠣᠤᠭᠤᠵᠤ ᠪᠠᠢ᠌ᠭ᠎ᠠ ᠣᠯᠠᠩᠭᠢ ᠡᠪᠡᠳᠴᠢᠳᠡᠳ ᠦᠨᠡᠨᠳᠡᠭᠡᠨ ᠭᠡᠢ ᠰᠤᠯᠢᠶ᠎ᠠ ᠲᠡᠶ ᠮᠠᠳᠤ ᠶᠢᠨ ᠭᠦᠡᠳᠤ ᠡᠪᠡᠳᠴᠢᠳᠡᠳ ᠪᠣᠰᠤ᠂ ᠬᠠᠷᠢᠨ ᠭᠠᠩᠰᠠᠷᠠᠬᠤ᠂ ᠪᠠᠴᠢᠮᠳᠠᠬᠤ ᠮᠠᠳᠤ ᠶᠢᠨ ᠢᠯᠠᠷᠠᠯ ᠲᠡᠶ ᠪᠠᠢ᠌ᠭ᠎ᠠ ᠬᠦᠩᠭᠡᠨ ᠡᠪᠡᠳᠴᠢᠳᠡᠳ ᠪᠣᠯᠤᠨ᠎ᠠ᠃ ᠡᠳᠡᠭᠡᠷ ᠬᠦᠩᠭᠡᠨ ᠡᠪᠡᠳᠴᠢᠳᠡᠳ ᠢ ᠦᠨᠡᠨᠳᠡᠭᠡᠨ ᠨᠠᠩ ᠬᠤᠤᠷ ᠦᠭᠡᠶ ᠨᠠᠩ ᠭᠢᠮᠳᠠ ᠪᠠᠢ᠌ᠳᠠᠭ ᠡᠮ ᠶᠢᠡᠷ ᠵᠠᠰᠠᠪᠠᠯ ᠪᠣᠯᠴᠢᠬᠠᠬᠤ ᠶᠤᠮ᠃
8. ᠦᠯᠦᠨ ᠶᠢᠡᠷ ᠺᠠᠯᠼ ᠣᠤᠭᠤᠵᠤ ᠪᠣᠯᠬᠤ ᠦᠭᠡᠶ᠃ ᠺᠠᠯᠼ ᠨᠢ ᠨᠡᠭᠦᠷᠡᠰᠤ ᠭᠦᠴᠢᠯ ᠤᠨ ᠺᠠᠯᠼ ᠢ ᠪᠦᠷᠢᠯᠳᠦᠭᠦᠯᠳᠡᠭ᠌᠃ ᠨᠡᠭᠦᠷᠡᠰᠤ ᠭᠦᠴᠢᠯ ᠤᠨ ᠺᠠᠯᠼ ᠶᠢ ᠵᠠᠳᠠᠷᠠᠭᠤᠯᠬᠤ ᠳᠤ ᠬᠤᠳᠤᠭᠤᠳᠤ ᠨᠢ ᠶᠡᠭᠡ ᠭᠡᠮᠵᠢᠶᠡᠨ ᠤ ᠳᠠᠪᠣᠰᠤᠨ ᠭᠦᠴᠢᠯ ᠤᠨ ᠵᠣᠢ᠌ᠯ ᠢ ᠪᠦᠷᠢᠯᠳᠦᠭᠦᠯᠭᠦ ᠭᠡᠷᠡᠭ᠍ᠳᠡᠢ ᠪᠢᠯᠠ᠃ ᠡᠢ᠌ᠮᠦ ᠡᠴᠡ ᠺᠠᠯᠼ ᠢ ᠦᠯᠦᠨ ᠶᠢᠡᠷ ᠣᠤᠭᠤᠵᠤ ᠪᠣᠯᠬᠤ ᠦᠭᠡᠶ᠂ ᠡᠷᠭᠡᠪᠰᠢ ᠬᠤᠭᠤᠯᠠᠨ ᠤ ᠳᠠᠷᠠᠭ᠎ᠠ ᠪᠣᠶᠤ ᠢᠭᠢᠷ ᠰᠢᠭᠢᠷ ᠰᠤᠯᠠ ᠢᠳᠡᠭᠡᠨ ᠢᠳᠡᠭ᠍ᠰᠡᠨ ᠤ ᠳᠠᠷᠠᠭ᠎ᠠ ᠣᠤᠭᠤᠬᠤ ᠭᠡᠷᠡᠭ᠍ᠳᠡᠢ᠃
9. ᠨᠠᠮᠤᠰᠤ ᠶᠢᠨ ᠡᠮ ᠳᠦᠷᠭᠢᠭᠦ ᠪᠠᠨ ᠬᠠᠮᠢᠶ᠎ᠠ ᠨᠠᠮᠢᠶ᠎ᠠ ᠦᠭᠡᠶ ᠵᠤᠭᠰᠤᠵᠤ ᠪᠣᠯᠬᠤ ᠦᠭᠡᠶ᠃ ᠨᠢᠭᠡ ᠰᠤᠳᠤᠯᠭᠠᠨ ᠤ ᠦᠷ᠎ᠡ ᠳ᠋ᠦ᠋ᠩ ᠤᠨ ᠬᠠᠷᠠᠭᠤᠯᠤᠭᠰᠠᠨ ᠶᠢᠡᠷ᠂ 65% ᠣᠷᠴᠢᠮ ᠤᠨ ᠡᠴᠢᠭᠡ ᠡᠭᠡ ᠪᠣᠯᠤᠭᠰᠠᠤᠨ ᠬᠡᠦᠬᠡᠳ ᠲᠡᠭᠡᠨ ᠨᠠᠮᠤᠰᠤ ᠵᠠᠰᠠᠬᠤ ᠡᠮ ᠢ 3 ᠡᠳᠤᠷ ᠡᠴᠡ ᠢᠯᠡᠭᠦᠤ ᠳᠦᠷᠭᠢᠵᠤ ᠥᠭ᠍ᠳᠡᠭ᠌ ᠦᠭᠡᠶ ᠪᠠᠢ᠌ᠨ᠎ᠠ᠃ ᠡᠨᠠ ᠨᠢ ᠳᠠᠭᠠᠷᠠᠬᠤ ᠦᠭᠡᠶ᠃ ᠨᠠᠮᠤᠰᠤ ᠶᠢ ᠬᠤᠭ ᠦᠭᠡᠶ ᠵᠠᠰᠠᠵᠤ ᠡᠳᠡᠭᠡᠶᠡ ᠭᠡᠪᠠᠯ᠂ ᠡᠮ ᠢ ᠡᠷᠭᠡᠪᠰᠢ ᠵᠠᠰᠠᠯᠭ᠎ᠠ ᠶᠢᠨ ᠬᠤᠭᠤᠴᠠᠭ᠎ᠠ ᠶᠤᠰᠤᠭᠠᠷ ᠨᠢ ᠳᠦᠷᠭᠢᠵᠤ ᠦᠭᠭᠦ ᠭᠡᠷᠡᠭ᠍ᠳᠡᠢ᠃
10. ᠭᠦᠭᠡᠴᠦᠳᠦᠭ᠍ᠰᠡᠨ ᠢ ᠦᠪᠡᠷ ᠶᠢᠡᠨ ᠣᠨᠤᠰᠢᠯᠠᠵᠤ ᠪᠣᠯᠬᠤ ᠦᠭᠡᠶ᠃ ᠣᠯᠠᠩᠭᠢ ᠡᠮᠡᠭ᠍ᠳᠡᠢ᠌ᠴᠦᠳ ᠣᠮᠠᠢ ᠨᠢ ᠵᠠᠭᠠᠳᠤᠨᠠᠭᠰᠠᠭᠠᠷ᠂ ᠭᠦᠭᠡᠴᠦᠳᠦᠴᠢᠭᠡᠯᠡ ᠭᠡᠵᠤ ᠪᠣᠳᠤᠭᠠᠤᠨ ᠦᠪᠠᠰᠤᠪᠠᠨ ᠡᠮ ᠠᠪᠴᠤ ᠭᠡᠷᠡᠭᠯᠡᠳᠡᠭ᠌᠃ ᠢᠩᠭᠢᠭᠡᠳ ᠡᠪᠡᠳᠴᠢᠨ ᠶᠢᠡᠨ ᠡᠳᠡᠭᠡᠵᠤ ᠦᠯᠦ ᠴᠢᠳᠠᠳᠠᠭ ᠮᠦᠷᠳᠡᠭᠡᠨ ᠭᠡᠳᠡᠷᠭᠦ ᠪᠠᠨ ᠣᠮᠠᠢ ᠶᠢᠨ ᠦᠷᠪᠢᠰᠤᠯ ᠶᠢᠡᠨ ᠵᠠᠰᠠᠪᠣᠷᠢ ᠮᠠᠭᠤᠳᠠᠢ ᠪᠣᠯᠭᠠᠴᠢᠬᠠᠳᠠᠭ ᠪᠠᠢ᠌ᠨ᠎ᠠ᠃ ᠨᠢᠭᠡ ᠵᠣᠢ᠌ᠯ ᠤᠨ ᠪᠠᠢ᠌ᠴᠠᠭᠠᠯᠳᠠ ᠶᠢᠨ ᠦᠷ᠎ᠡ ᠳ᠋ᠦ᠋ᠩ ᠤᠨ ᠬᠠᠷᠠᠭᠤᠯᠤᠭᠰᠠᠨ ᠶᠢᠡᠷ᠂ ᠭᠦᠭᠡᠴᠦᠳᠦᠭ᠍ᠰᠡᠨ ᠪᠠᠢ᠌ᠬ᠎ᠠ ᠭᠡᠵᠤ ᠦᠪᠡᠷ ᠶᠢᠡᠨ ᠮᠠᠭᠠᠳᠯᠠᠭᠰᠠᠨ ᠡᠮᠡᠭ᠍ᠳᠡᠢ᠌ᠴᠦᠳ ᠤᠨ 23 ᠨᠢ ᠪᠦᠷ ᠪᠣᠷᠤᠭᠤᠳᠠᠭᠰᠠᠨ ᠪᠠᠢ᠌ᠳᠠᠭ᠃ ᠡᠢ᠌ᠮᠦ ᠡᠴᠡ ᠡᠪᠡᠳᠴᠢᠨ ᠶᠢᠡᠨ ᠵᠦᠪ ᠣᠨᠤᠰᠢᠯᠠᠶᠠ ᠭᠡᠪᠠᠯ ᠬᠠᠰᠢᠯᠠ ᠡᠮᠨᠡᠯᠭᠡ ᠳᠤ ᠭᠦᠷᠴᠤ ᠡᠪᠡᠳᠴᠢᠨ ᠶᠢᠡᠨ ᠥᠵᠡᠭᠦᠯᠭᠦ ᠭᠡᠷᠡᠭ᠍ᠳᠡᠢ᠃
ᠵᠤᠬᠢᠶᠠᠭᠴᠢ ᠶᠢᠨ ᠬᠠᠶᠢᠭ ᠄ ᠧᠡᠩᠭᠢ ᠶᠢᠨ ᠳᠸᠯᠸᠢᠰ ᠬᠤᠷᠢᠶ᠎ᠠ
ᠵᠤᠬᠢᠶᠠᠭᠴᠢ᠄ ᠥᠭᠡᠯᠡᠳ·ᠵᠠᠮᠰᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠡᠷᠡᠭᠦᠯ ᠡᠩᠬᠡᠳᠠᠷᠤᠮ᠄ 8414
ᠴᠠᠭ᠄ 2012 ᠤᠨ ᠤ 07 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ