☆ ᠡᠷᠳᠡᠨᠢᠪᠠᠭᠠᠨ᠎ᠠ
ᠨᠤᠳᠤᠭ ᠤᠨ ᠨᠤᠭᠤᠭᠠᠨ ᠳᠠᠯ᠎ᠠ
ᠨᠤᠳᠤᠭ ᠤᠨ ᠨᠤᠭᠤᠭᠠᠨ ᠳᠠᠯ᠎ᠠ
ᠣᠭᠠᠯᠵᠠᠯᠠᠵᠤ ᠣᠷᠤᠰᠬᠤ ᠭᠤᠤᠯ ᠨᠢ
ᠣᠬᠠᠭᠠᠨ ᠳᠤ ᠣᠶᠠᠩᠭ᠋ᠠᠨ ᠵᠢᠷᠤᠭ ᠪᠢᠯᠠ
ᠣᠶᠠᠬᠠᠨ ᠵᠥᠭᠡᠯᠡᠨ ᠰᠠᠯᠭᠢᠨ ᠨᠢ
ᠣᠴᠠᠷᠠᠯ ᠤᠨ ᠭᠠᠩᠭ᠋ᠠᠩ ᠰᠤᠪᠢᠩ ᠪᠢᠯᠠ
ᠴᠠᠢ᠌ᠯᠵᠠᠨ ᠣᠷᠤᠰᠬᠤ ᠭᠤᠤᠯ ᠨᠢ
ᠭᠦᠭᠡ ᠳᠡᠭ᠍ᠷᠢ ᠶᠢᠨ ᠭᠡᠰᠢᠭ᠌ ᠪᠢᠯᠠ
ᠭᠦᠳᠡᠭᠡ ᠴᠠᠭᠠᠨ ᠰᠦᠷᠦᠭ᠌ ᠨᠢ
ᠭᠦᠳᠡᠯᠮᠦᠷᠢ ᠶᠢᠨ ᠨᠠᠷᠠᠨ ᠲᠡᠶ ᠪᠣᠶᠠᠨ ᠪᠢᠯᠠ
ᠬᠠᠷᠠᠭᠤᠯᠳᠠᠵᠤ ᠶᠠᠪᠣᠭᠰᠠᠨ ᠮᠠᠯᠴᠢᠨ ᠨᠢ
ᠨᠠᠷᠠᠨ ᠤ ᠳᠤᠤᠷᠠᠭᠢ ᠣᠬᠠᠭᠠᠨ ᠪᠢᠯᠠ
ᠰᠡᠷᠡᠨ ᠭᠡᠯᠳᠡᠢ᠌ᠵᠤ ᠳᠦᠭᠡᠷᠡᠴᠢᠭᠡᠳᠡᠭ᠌ ᠨᠢ
ᠣᠳᠤᠳ ᠤᠨ ᠴᠤᠭᠳᠠᠢ ᠣᠷᠤᠨ ᠴᠤ ᠪᠢᠯᠠ
ᠨᠤᠭᠤᠭᠠᠨ ᠡᠪᠠᠰᠤ ᠨᠢ ᠬᠠᠯᠢᠭᠤᠷᠠᠭᠰᠠᠨ ᠨᠢ
ᠨᠢᠯ ᠨᠢᠯ ᠰᠡᠳᠭᠢᠯ ᠤᠨ ᠳᠤᠭᠳᠤᠯᠤᠯ ᠲᠡᠶ ᠪᠢᠯᠠ
ᠨᠤᠭᠳᠤ ᠲᠡᠶ ᠮᠤᠷᠢᠨ ᠤ ᠰᠦᠷᠵᠢᠭᠡᠨ ᠳ᠋ᠤᠨᠢ
ᠨᠠᠮᠠᠰ ᠨᠠᠮᠠᠰ ᠭᠠᠵᠠᠷ ᠤᠨ ᠭᠦᠭ᠌ ᠲᠡᠶ ᠪᠢᠯᠠ᠁
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠳᠤᠮᠳᠠᠳᠤ ᠬᠤᠰᠢᠭᠤ
ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2643
ᠴᠠᠭ᠄ 2012 ᠤᠨ ᠤ 03 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ