ᠨᠡᠪᠲᠡᠷᠡᠨ ᠤᠷᠤᠬᠤ
ᠠᠪᠣ ᠶᠢᠨ ᠳᠤᠷᠠᠳᠬᠠᠯ

ᠦᠨᠡᠨ ᠤ ᠭᠠᠵᠠᠷ ᠲᠤ ᠠᠪᠣ ᠮᠢᠨᠢ

ᠣᠵᠤᠭᠤᠷ ᠶᠠᠪᠣᠴᠢᠬᠠᠭᠰᠠᠨ ᠶᠤᠮᠰᠠᠨ

ᠦᠳᠡᠰᠢ ᠶᠢᠨ ᠳᠤᠷᠭᠠᠨ ᠵᠡᠭᠦᠳᠤᠨ ᠳᠤ ᠮᠢᠨᠢ

ᠦᠷᠭᠦᠯᠵᠢ ᠢᠷᠡᠳᠡᠭ᠌ ᠶᠤᠮᠰᠠᠨ


ᠪᠣᠷᠬᠠᠨ ᠪᠣᠯᠤᠭᠰᠠᠨ ᠠᠪᠣ ᠶᠢ ᠪᠠᠨ

ᠪᠣᠶᠠᠨ ᠤ ᠡᠭᠦᠳᠡᠨ ᠳᠤ ᠥᠭᠡᠢ᠌ᠯᠡᠨ᠎ᠡ

ᠪᠣᠭᠤᠨᠢ ᠮᠦᠷ ᠲᠡᠶ ᠰᠢᠯᠦᠭ᠌ ᠶᠢᠡᠷ ᠵᠢᠠᠨ

ᠪᠣᠳᠤᠯ ᠤᠨ ᠶᠢᠡᠨ ᠦᠨᠳᠦᠷ ᠲᠤ ᠱᠤᠭᠤᠨ᠎ᠠ


ᠠᠵᠠ ᠪᠠᠨ ᠳᠤᠷᠠᠰᠳᠠᠭ ᠦᠭᠡᠶ ᠭᠦᠮᠤᠨ

ᠠᠮᠢᠳᠤᠷᠠᠯ ᠳᠤ ᠬᠠᠮᠢᠭ᠎ᠠ ᠪᠠᠨ ᠪᠠᠢ᠌ᠬᠤ ᠪᠣᠢ

ᠠᠪᠣ ᠲᠡᠶ ᠪᠠᠨ ᠪᠠᠢ᠌ᠬᠤ ᠭᠦᠮᠤᠨ ᠤ

ᠵᠢᠷᠭᠠᠯ ᠢ ᠭᠢᠷᠭᠢᠨ ᠠᠳᠠᠭᠠᠷᠬᠠᠬᠤ ᠪᠣᠢ


ᠠᠵᠢᠯ ᠶᠢᠡᠨ ᠡᠭᠢᠯᠡᠵᠤ ᠭᠢᠴᠢᠭᠡᠭᠦ ᠳ᠋ᠤ

ᠠᠪᠣ ᠮᠢᠨᠢ ᠪᠠᠭᠰᠢ ᠶᠠᠪᠣᠭᠰᠠᠨ ᠶᠤᠮ

ᠠᠩᠬᠠᠨ ᠤ ᠪᠣᠯᠵᠤᠭᠠᠨ ᠳᠤ ᠪᠠᠨ ᠣᠴᠢᠬᠤ ᠳ᠋ᠤ

ᠠᠪᠣ ᠮᠢᠨᠢ ᠵᠤᠷᠢᠭ ᠦᠭ‍ᠭᠦᠭ᠍ᠰᠡᠨ ᠶᠤᠮ


ᠭᠦᠭ᠍ᠵᠢᠯ ᠲᠡᠶ ᠰᠠᠢ᠌ᠬᠠᠨ ᠠᠮᠢᠳᠤᠷᠠᠯ ᠳᠤ ᠮᠢᠨᠢ

ᠭᠦᠯᠦᠰᠤ ᠪᠠᠨ ᠣᠷᠤᠰᠬᠠᠭᠰᠠᠨ ᠠᠪᠣ ᠮᠢᠨᠢ

ᠭᠦᠡᠳᠦᠳᠤ ᠪᠣᠭᠤᠷᠤᠯ ᠡᠵᠢ ᠲᠡᠶ ᠮᠢᠨᠢ

ᠭᠦᠰᠡᠯ ᠶᠢᠡᠨ ᠢᠵᠢᠯᠳᠦᠭᠦᠯᠦᠭ᠍ᠰᠡᠨ ᠠᠪᠣ ᠮᠢᠨᠢ


ᠠᠪᠣ ᠶᠢᠨ ᠰᠠᠢ᠌ᠬᠠᠨ ᠢᠨᠢᠶᠡᠮᠰᠦᠭᠯᠡᠯ ᠳ᠋ᠤ

ᠠᠯᠠᠭ ᠳᠡᠯᠡᠭᠡᠢ ᠮᠦᠰᠢᠶᠠᠵᠤ ᠪᠠᠢ᠌ᠭᠰᠠᠨ ᠶᠤᠮ

ᠳᠠᠩᠰᠤᠭ ᠵᠢᠷᠭᠠᠯ ᠳᠤ ᠪᠠᠨ ᠳᠠᠰᠢᠭᠤᠷᠠᠵᠤ

ᠳᠠᠨ ᠢ ᠪᠠᠨ ᠠᠭᠤᠷᠯᠠᠭᠤᠯᠵᠤ ᠶᠠᠪᠣᠭᠰᠠᠨ ᠶᠤᠮ


ᠭᠦᠮᠤᠨ ᠤ ᠬᠤᠷᠸ᠎ᠠ ᠡᠴᠠ ᠠᠪᠣ ᠮᠢᠨᠢ

ᠭᠦᠡᠳᠡᠢ᠌ᠷᠡᠵᠤ ᠨᠢᠭᠡ ᠡᠳᠦᠷ ᠶᠠᠪᠣᠬᠤ ᠳᠤ ᠯᠠ

ᠭᠦᠭᠡ ᠳᠡᠭ᠍ᠷᠢ ᠨᠤᠷᠠᠭᠰᠠᠨ ᠰᠢᠭ ᠯᠠ

ᠭᠦᠰᠡᠯ ᠰᠡᠳᠭᠢᠯ ᠮᠢᠨᠢ ᠳᠤᠯᠭᠢᠰᠤᠭᠰᠠᠨ ᠶᠤᠮ


ᠡᠴᠢᠭᠡ ᠪᠠᠨ ᠠᠯᠳᠠᠭᠰᠠᠨ ᠳᠠᠷᠠ ᠯᠠ ᠡᠳᠦᠷ

ᠡᠯᠢᠭᠡ ᠪᠠᠨ ᠡᠮᠳᠡᠷᠡᠭᠦᠯᠵᠤ ᠭᠤᠨᠢᠭᠯᠠᠭᠰᠠᠨ ᠶᠤᠮ

ᠡᠷᠢᠶᠡᠨ ᠬᠤᠷᠸ᠎ᠠ ᠶᠢᠨ ᠠᠮᠢᠳᠤᠷᠠᠯ ᠤᠨ

ᠮᠥᠩᠭᠡ ᠶᠢᠨ ᠪᠣᠰᠤ ᠶᠢ ᠮᠡᠳᠡᠷᠡᠭ᠍ᠰᠡᠨ ᠶᠤᠮ


ᠰᠠᠢ᠌ᠬᠠᠨ ᠠᠪᠣ ᠶᠢ ᠪᠠᠨ ᠥᠭᠡᠢ᠌ᠯᠡᠭᠡᠳ

ᠮᠦᠷᠦᠭᠡᠳᠦᠯ ᠭᠡᠯᠭᠢᠭᠦ ᠭᠡᠮ ᠲᠡᠶ ᠪᠣᠯᠤᠭᠰᠠᠨ ᠶᠤᠮ

ᠰᠠᠢ᠌ᠬᠠᠨ ᠠᠭᠠᠯᠢ ᠶᠢ ᠨᠢ ᠨᠡᠭᠡᠭᠡᠳ

ᠠᠮᠢᠳᠤᠷᠠᠯ ᠶᠢᠡᠨ ᠡᠪᠠᠢ᠌ᠯᠡᠭᠦ ᠳᠠᠮ ᠲᠡᠶ ᠪᠣᠯᠤᠭᠰᠠᠨ ᠶᠤᠮ


ᠵᠤᠬᠢᠶᠠᠭᠴᠢ ᠶᠢᠨ ᠬᠠᠶ‍ᠢᠭ᠄ ᠵᠠᠷᠤᠳ ᠬᠤᠰᠢᠭᠤᠨ ᠤ ᠨᠢᠭᠡᠳᠦᠭᠡᠷ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠰᠠᠷᠠᠩᠳᠤᠷᠵᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2641
ᠴᠠᠭ᠄ 2010 ᠤᠨ ᠤ 06 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ