☆ ᠢ᠊·ᠪᠠᠶᠠᠷ
ᠲᠦᠰᠢᠶᠠᠳᠤ ᠡᠴᠡ ᠳᠡᠭᠦᠭ᠍ᠰᠡᠨ ᠮᠥᠴᠡᠯᠭᠡ ᠤᠳ
ᠳᠠᠪᠤᠨ ᠳᠤᠯᠤᠭᠠᠢ᠌ᠳᠤ ᠶᠢᠨ ᠠᠭᠤᠯᠠ
ᠡᠷᠳᠡᠨᠢ ᠶᠢᠨ ᠳᠠᠪᠤᠨ ᠰᠥᠷᠦᠭ᠌
ᠡᠩᠭᠡᠷ ᠲᠤ ᠨᠢ ᠪᠠᠯᠴᠢᠭ᠍ᠰᠡᠨ
ᠡᠯᠳᠡᠩ ᠪᠠᠯᠴᠢᠭᠡᠷ ᠲᠡᠶ ᠨᠤᠳᠤᠭ᠃
ᠲᠦᠰᠢᠶᠠᠳᠤ ᠸᠠᠠᠩ ᠤᠨ ᠬᠠᠷ᠎ᠠ ᠰᠦᠯᠳᠡ
ᠣᠷᠤᠢ ᠳᠤ ᠨᠢ ᠨᠠᠮᠢᠷᠠᠭᠰᠠᠨ
ᠣᠩᠭ᠋ᠤᠳ ᠣᠷᠤᠰᠢᠭᠰᠠᠨ ᠰᠢᠷᠤᠢ
ᠣᠷᠭᠤᠶ᠎ᠠ ᠭᠡᠳ ᠣᠢ᠌ᠴᠢᠭᠰᠠᠨ
ᠣᠷᠬᠠᠨ ᠳᠤ ᠣᠨᠠᠭᠰᠠᠨ ᠳᠤᠮᠤᠭ
ᠨᠤᠴᠤᠶᠠ ᠭᠡᠳ ᠨᠤᠷᠮᠠᠯᠠᠭᠰᠠᠨ
ᠰᠤᠯᠢᠭᠠᠢ ᠠᠰᠠᠭᠰᠠᠨ ᠲᠦᠯᠤ᠃
ᠮᠠᠠᠵᠤ ᠨᠤᠷᠠᠭᠴᠢ ᠶᠢᠨ ᠣᠳᠤᠭ᠎ᠠ ᠵᠢᠩᠰᠠ ᠶᠢ
ᠮᠥᠷᠭᠦᠵᠤ ᠳᠤᠰᠤᠭᠰᠠᠨ ᠮᠤᠩᠬᠠᠷᠠᠯ
ᠮᠤᠩᠭ᠋ᠤᠯ ᠲᠦᠷᠦ ᠶᠢᠨ ᠬᠠᠰᠪᠣᠤ ᠳᠠᠮᠠᠭ᠎ᠠ ᠶᠢ
ᠭᠡᠮᠭᠡᠯᠡᠵᠤ ᠬᠠᠶᠠᠭᠰᠠᠨ ᠬᠠᠷᠠᠭᠤᠰᠤᠯ᠃
ᠬᠠᠩᠭ᠋ᠠᠯ ᠨᠠᠭᠤᠷ
ᠡᠭᠡ ᠣᠨᠤᠨ ᠡᠴᠡ ᠴᠠᠯᠭᠢᠵᠤ ᠥᠰᠦᠷᠦᠭ᠍ᠰᠡᠨ
ᠭᠠᠵᠠᠷ ᠤᠨ ᠨᠢᠳᠤᠨ ᠨᠠᠭᠤᠷ
ᠡᠭᠡ ᠳᠡᠯᠡᠭᠡᠢ ᠪᠠᠨ ᠦᠨᠦᠰᠴᠤ ᠬᠠᠯᠭᠢᠯᠠᠭᠰᠠᠨ
ᠬᠠᠢ᠌ᠷ᠎ᠠ ᠶᠢᠨ ᠴᠡᠩᠭᠡᠷ ᠬᠠᠳᠠᠭ᠃
ᠪᠣᠰᠤᠶ᠎ᠠ ᠭᠡᠳ ᠪᠦᠳᠦᠷᠢᠭ᠍ᠰᠡᠨ
ᠭᠤᠨᠢᠭ ᠤᠨ ᠳᠤᠰᠤᠯ ᠨᠢᠯᠪᠣᠰᠤ
ᠪᠤᠰᠦᠯᠴᠡᠶᠡ ᠭᠡᠳ ᠵᠠᠳᠠᠷᠠᠭᠰᠠᠨ
ᠪᠦᠯᠭᠦᠮᠳᠡᠯ ᠤᠨ ᠴᠢᠮᠪᠠᠢ ᠣᠷᠢᠶ᠎ᠠ᠃
ᠨᠤᠳᠤᠭ ᠵᠢᠵᠢᠭ᠍ᠷᠡᠭᠦ ᠭᠠᠰᠠᠯᠠᠩ ᠳᠤ
ᠰᠢᠬᠠᠭᠳᠠᠵᠤ ᠠᠰᠬᠠᠷᠠᠭᠰᠠᠨ ᠨᠢᠯᠪᠣᠰᠤ
ᠮᠤᠩᠭ᠋ᠤᠯ ᠳᠡᠦᠭᠡ ᠶᠢ ᠰᠦᠷᠴᠤ ᠮᠡᠯᠮᠡᠷᠡᠭ᠍ᠰᠡᠨ
ᠬᠤᠷᠴᠢᠨ ᠨᠤᠳᠤᠭ ᠤᠨ ᠪᠠᠭᠠᠰᠬᠠᠯ ᠵᠢᠷᠤᠭ᠃
ᠪᠠᠳᠤᠴᠠᠭᠠᠨ ᠤ ᠨᠠᠪᠴᠢᠰ
ᠲᠦᠰᠢᠶᠠᠳᠤ ᠨᠤᠳᠤᠭ ᠤᠨ ᠰᠦᠯᠳᠡ ᠮᠤᠳᠤ
ᠳᠡᠦᠭᠡ ᠴᠠᠳᠢᠭ ᠤᠨ ᠳᠠᠮᠤᠷ ᠭᠡᠷᠡᠴᠢ
ᠰᠢᠶᠤᠤ ᠵᠤᠸᠠᠩ ᠬᠤᠸᠩᠬᠤ ᠶᠢᠨ ᠳᠦᠷᠭᠦᠮ ᠡᠴᠡ ᠪᠠᠨ ᠠᠪᠴᠢᠷᠠᠭᠰᠠᠨ
ᠰᠢᠶᠠᠩᠱᠠᠨ ᠠᠭᠤᠯᠠᠨ ᠤ ᠣᠯᠠᠭᠠᠨ ᠨᠠᠪᠴᠢᠰ᠃
ᠬᠤᠷᠴᠢᠨ ᠮᠤᠩᠭ᠋ᠤᠯ ᠰᠤᠶᠤᠯ ᠤᠨ
ᠥᠭᠡᠳᠡ ᠳᠦᠷᠡᠯᠵᠡᠭᠦ ᠳᠤᠯᠭ᠎ᠠ
ᠣᠠᠳᠠᠷᠠᠭᠰᠠᠨ ᠡᠵᠡᠡᠳᠤ ᠲᠦᠷᠦ ᠶᠢᠨ
ᠭᠡᠢ᠌ᠮᠦᠷᠢ ᠰᠦᠨᠠᠰᠤ ᠶᠢᠨ ᠳᠠᠯᠠᠯᠭ᠎ᠠ᠃
ᠭᠤᠤᠯ ᠡᠴᠡ ᠪᠠᠨ ᠭᠠᠳᠠᠭᠰᠢ ᠪᠠᠳᠠᠷᠠᠭᠰᠠᠨ
ᠵᠢᠷᠦᠭᠡᠨ ᠤ ᠭᠦᠷᠡᠩ ᠴᠢᠰᠤ
ᠴᠢᠰᠤ ᠪᠠᠷ ᠶᠢᠡᠨ ᠭᠠᠰᠢᠭᠤᠨ ᠪᠢᠴᠢᠭᠯᠡᠭ᠍ᠰᠡᠨ
ᠳᠡᠦᠭᠡ ᠶᠢᠨ ᠪᠦᠷᠦᠭᠭᠡᠨ ᠵᠡᠭᠦᠳᠤ᠃
ᠵᠤᠬᠢᠶᠠᠭᠴᠢ ᠶᠢᠨ ᠬᠠᠶᠢᠭ ᠄ ᠵᠠᠯᠠᠢ᠌ᠳ ᠬᠤᠰᠢᠭᠤ
ᠵᠤᠬᠢᠶᠠᠭᠴᠢ᠄ ᠢ᠊·ᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2650
ᠴᠠᠭ᠄ 2010 ᠤᠨ ᠤ 03 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ