☆ ᠰ·ᠤᠯᠠᠭᠠᠨᠪᠠᠲᠤ
ᠰᠠᠷ᠎ᠠ᠂ ᠰᠠᠤᠠᠭᠢᠯ᠂ ᠮᠥᠷᠦᠭᠡᠳᠦᠯ
ᠦᠳᠡᠰᠢ ᠶᠢᠨ ᠨᠠᠮᠬᠠᠨ ᠠᠭᠠᠷ ᠳᠤ
ᠢᠳᠡᠭᠡᠯ ᠲᠦᠰᠢᠨ ᠥᠡᠳᠡᠢ᠌ᠭ᠍ᠰᠡᠨ
ᠥᠩᠭᠡᠵᠢᠨ ᠳᠡᠷᠭᠡᠯᠰᠢᠭ᠍ᠰᠡᠨ ᠬᠠᠰ ᠤᠨ ᠰᠠᠷ᠎ᠠ
ᠥᠷᠦᠭᠡ ᠭᠡᠷ ᠤᠨ ᠮᠢᠨᠢ ᠭᠡᠭᠡᠪᠴᠢ ᠪᠠᠷ
ᠥᠩᠭᠡᠢ᠌ᠵᠤ ᠳᠤᠳᠤᠭᠰᠢ ᠱᠠᠭᠠᠢ᠌ᠬᠤ
ᠶᠠᠮᠠᠷᠬᠠᠨ ᠳᠦᠯᠭᠡᠭᠡᠨ ᠠᠭᠠᠰᠢ ᠪᠣᠢ︖
ᠶᠠᠭᠠᠭᠢᠭᠰᠠᠨ ᠨᠠᠮᠵᠢᠭᠤᠨ ᠠᠪᠣᠷᠢ ᠪᠣᠢ︖
ᠭᠦᠩᠭᠦᠭᠡᠷ ᠭᠦᠭᠡ ᠳᠡᠭ᠍ᠷᠢ ᠯᠠ
ᠭᠦᠮᠦᠷᠢᠭ᠍ᠰᠡᠨ ᠳᠤᠭᠤᠷᠭ᠎ᠠ ᠪᠣᠯᠵᠤ
ᠳᠤᠷᠤᠮᠤᠯᠵᠠᠭᠰᠠᠨ ᠭᠦᠰᠡᠯ ᠭᠢᠯᠠᠯᠵᠠᠭᠤᠯᠵᠤ
ᠮᠥᠷᠦᠭᠡᠳᠦᠯ ᠤᠨ ᠣᠶᠠᠬᠠᠨ ᠠᠶ᠎ᠠ ᠵᠢ
ᠮᠤᠷᠢᠨ ᠬᠤᠭᠤᠷ ᠶᠢᠡᠷ ᠭᠤᠴᠤᠯᠠᠨᠠ ᠪᠢᠯᠠ᠂
ᠳᠠᠩᠴᠤ ᠠᠯᠢᠶ᠎ᠠ ᠴᠢᠨᠤ ᠰᠠᠤᠠᠭᠢᠯ
ᠳᠡᠪᠭᠡᠷᠤᠨ ᠦᠰᠦᠷᠴᠤ ᠳᠡᠭ᠍ᠳᠡᠭ᠍ᠰᠡᠭᠡᠷ
ᠶᠠᠯᠢᠩ ᠮᠥᠩᠭᠦᠨ ᠭᠡᠷᠡᠯ ᠳᠤ ᠱᠤᠩᠪᠠᠨ
ᠢᠷᠠᠭᠤ ᠨᠠᠢ᠌ᠷᠠᠭ ᠤᠨ ᠰᠤᠷ ᠶᠢᠡᠷ ᠨᠠᠭᠠᠳᠤᠨ
ᠢᠷᠠᠵᠤ ᠶᠠᠪᠣᠨ᠎ᠠ ᠪᠢᠯᠠ᠃
ᠬᠠᠢ᠌ᠯ ᠪᠣᠯᠠᠭ ᠤᠨ ᠣᠰᠤᠨ ᠳ᠋ᠤ
ᠬᠠᠨᠤᠮᠵᠢᠳᠠᠢ᠌ᠬᠠᠨ ᠳᠤᠯᠢᠳᠠᠨ ᠭᠤᠶᠤᠯᠠᠵᠤ
ᠵᠠᠯᠬᠠᠭᠤᠳᠠᠢ᠌ᠬᠠᠨ ᠥᠷᠭᠡᠯᠡᠭᠦ ᠠᠰᠠᠷ ᠊ᠤᠨ
ᠵᠢᠭᠠᠬᠠᠨ ᠨᠡᠭᠡᠭᠡᠯᠳᠡᠳᠡᠢ ᠴᠤᠩᠬᠤ ᠪᠠᠷ
ᠳᠤᠬᠤᠳᠠᠢ᠌ᠬᠠᠨ ᠭᠡᠪᠳᠡᠭᠦ ᠨᠠᠳᠠ ᠣᠷᠤᠭᠤ
ᠳᠤᠭᠯᠠᠵᠤ ᠴᠤ ᠶᠤᠮ ᠰᠢᠭ ᠰᠢᠷᠳᠠᠨ᠎ᠠ ᠪᠢᠯᠠ᠂
ᠳᠤᠷᠠᠳᠠᠢ ᠭᠦᠭ᠍ᠰᠡᠭᠦ ᠮᠢᠨᠤ ᠰᠠᠤᠠᠭᠢᠯ
ᠳᠠᠭᠤᠤ ᠳᠤ ᠴᠢᠨᠢ ᠦᠨᠳᠦᠷᠯᠠᠨ ᠴᠠᠯᠭᠢᠵᠤ
ᠳᠠᠯᠮᠢᠶᠠᠷᠠᠬᠤ ᠬᠠᠷᠠᠴᠠᠨ ᠳᠤ ᠴᠢᠨᠢ ᠠᠭᠤᠰᠤᠭᠠᠤᠨ
ᠨᠠᠮᠤᠷ ᠤᠨ ᠬᠤᠩᠭ᠋ᠤᠷ ᠮᠥᠷᠦᠭᠡᠳᠦᠯ ᠬᠤᠴᠤᠷᠭᠠᠭᠰᠠᠨ
ᠨᠠᠰᠤᠨ ᠤ ᠬᠠᠨᠢ ᠪᠠᠨ ᠥᠭᠡᠢ᠌ᠯᠡᠵᠤ ᠪᠢᠯᠠ
ᠨᠠᠠᠳᠢᠨ ᠳᠤᠷᠠᠰᠤᠮᠵᠢ ᠥᠯᠡᠳᠡᠭᠡᠭ᠍ᠰᠡᠨ
ᠨᠠᠮᠤᠷ ᠤᠨ ᠡᠳᠦᠷ ᠢ ᠳᠤᠷᠠᠰᠤᠭᠤᠯᠵᠤ ᠪᠢᠯᠠ
ᠵᠤᠬᠢᠶᠠᠭᠴᠢ᠄ ᠰ·ᠤᠯᠠᠭᠠᠨᠪᠠᠲᠤ
ᠢᠷᠡᠯᠲᠡ᠄ ᠵᠤᠬᠢᠶᠠᠭᠴᠢ ᠡᠴᠡ ᠬᠠᠩᠭ᠋ᠠᠪᠠ
ᠬᠠᠷᠢᠶ᠎ᠠ᠄
ᠰᠢᠯᠦᠭᠳᠠᠷᠤᠮ᠄ 3479
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ