ᠨᠡᠪᠲᠡᠷᠡᠨ ᠤᠷᠤᠬᠤ
ᠬᠡᠦᠬᠡᠳ ᠤᠨ ᠰᠡᠳᠭᠢᠯ

ᠭᠦᠮᠤᠨ ᠤ ᠬᠤᠷᠸ᠎ᠠ ᠶᠢᠨ ᠰᠢᠮ᠎ᠠ ᠪᠠᠷ ᠵᠠᠶᠠᠭᠠᠨ

ᠬᠡᠦᠬᠡᠳ ᠤᠨ ᠰᠡᠳᠭᠢᠯ ᠰᠢᠨ᠎ᠡ ᠪᠠᠷ ᠴᠠᠭᠠᠨ᠃

ᠭᠦᠭᠡ ᠣᠯᠠᠭᠠᠨ ᠪᠣᠳᠤᠭ ᠥᠭᠡᠢ

ᠭᠦᠮᠤᠨ ᠤ ᠮᠠᠨ ᠤ ᠪᠣᠳᠤᠯ ᠦᠭᠡᠶ᠂

ᠡᠯᠳᠡᠪ ᠭᠢᠯᠢ ᠬᠠᠶᠠᠭ᠎ᠠ ᠥᠭᠡᠢ

ᠡᠷᠢᠶᠡᠨ ᠊ᠭ᠍‍ᠬᠢᠷ ᠰᠠᠨᠠᠭ᠎ᠠ ᠥᠭᠡᠢ

ᠴᠢ ᠪᠢ ᠠᠳᠠᠯᠢ ᠭᠡᠵᠤ ᠰᠠᠨᠠᠳᠠᠭ

ᠴᠢᠭᠯᠡᠯ ᠦᠭᠡᠶ ᠪᠠᠷ ᠦᠪᠡᠷ ᠤᠨ ᠭᠢ ᠪᠠᠷ ᠶᠢᠡᠨ ᠶᠠᠪᠣᠳᠠᠭ

ᠴᠠᠭᠠᠰᠤ ᠶᠢ ᠶᠠᠭᠠᠭᠢᠵᠤ ᠵᠠᠷᠤᠬᠤ ᠳᠤᠬᠠᠢ

ᠴᠢᠮ᠎ᠠ ᠳᠤ ᠳᠤᠳᠤᠷᠬᠠᠢ ᠰᠠᠨᠠᠭᠤᠯᠬᠤ

       ᠬᠡᠦᠬᠡᠳ ᠤᠨ ᠰᠡᠳᠭᠢᠯ ᠭᠡᠵᠤ ᠴᠠᠭᠠᠨ᠃

ᠭᠦᠰᠡᠭ᠍ᠰᠡᠨ ᠳᠤ ᠪᠠᠨ ᠭᠦᠷᠭᠦ ᠭᠡᠵᠤ ᠮᠡᠳᠭᠡᠯᠳᠦᠭᠦ

       ᠭᠦᠴᠢᠷ ᠵᠤᠪᠠᠯᠠᠩ ᠢ ᠳᠠᠨᠢᠭ᠎ᠠ ᠦᠭᠡᠶ ᠳᠠᠷᠠ

ᠰᠠᠨᠠᠭᠰᠠᠨ ᠳᠤ ᠪᠠᠨ ᠳᠤᠯᠬᠤ ᠭᠡᠵᠤ ᠰᠠᠭᠭᠠᠬᠤ

       ᠰᠠᠭᠠᠤᠨ ᠪᠠᠷᠭᠡ ᠶᠢ ᠮᠡᠳᠡᠭᠡ ᠦᠭᠡᠶ ᠳᠠᠷᠠ᠃

ᠬᠠᠰᠢᠭᠳᠠᠬᠤ ᠪᠠᠷᠢᠭᠳᠠᠬᠤ ᠪᠣᠳᠤᠯ ᠥᠭᠡᠢ

ᠬᠠᠳᠠ ᠴᠢᠯᠠᠭᠤᠨ ᠳᠤ ᠮᠦᠷᠭᠦᠭᠡ ᠦᠭᠡᠶ᠂

ᠠᠮᠢᠳᠠᠨ ᠭᠤᠤᠯᠳᠠᠨ ᠳᠤ ᠨᠠᠢ᠌ᠷᠳᠠᠢ

ᠠᠯᠢᠪᠠ ᠪᠦᠭᠦᠨ ᠳᠤ ᠬᠠᠢ᠌ᠷᠠᠳᠠᠢ

ᠬᠤᠮᠠᠭᠢ ᠰᠢᠷᠭᠡᠭ᠌ ᠢ ᠴᠤ ᠬᠤᠤᠷᠯᠠᠬᠤ

ᠬᠤᠷᠤᠨ ᠰᠠᠨᠠᠭ᠎ᠠ ᠠᠯᠠᠭ᠎ᠠ

ᠬᠤᠯᠠ ᠤᠢ᠌ᠷ᠎ᠡ ᠶᠢ ᠮᠡᠳᠡᠭᠦ ᠦᠭᠡᠶ ᠴᠤ

ᠬᠤᠯᠪᠤᠨ ᠪᠣᠳᠤᠯᠳᠠ ᠪᠠᠶᠠᠯᠢᠭ᠃

ᠭᠦᠯ ᠳᠤ ᠣᠷᠤᠮᠠᠭᠴᠠ

ᠭᠦᠶ‍ᠦᠭᠦ ᠶᠢ ᠶᠠᠭᠠᠷᠠᠬᠤ

ᠬᠡᠦᠬᠡᠳ ᠤᠨ ᠰᠡᠳᠭᠢᠯ ᠴᠠᠭᠠᠨ᠂

ᠭᠦᠳᠦᠯᠵᠤ ᠶᠠᠪᠣᠬᠤ ᠵᠢ

ᠭᠦᠢᠴᠡᠳ ᠱᠠᠭᠠᠷᠳᠠᠬᠤ

ᠭᠦᠮᠦᠵᠢᠯ ᠰᠤᠷᠭᠠᠯ ᠭᠡᠷᠡᠭ᠌ ᠲᠡᠶ ᠴᠤ

ᠳᠤᠳᠢ ᠭᠡᠵᠤ ᠦᠪᠡᠷ ᠶᠢᠡᠨ ᠮᠡᠳᠡᠭᠦ ᠦᠭᠡᠶ

ᠳᠤᠯᠢ ᠭᠡᠵᠤ ᠳᠤᠮᠤᠴᠤᠤᠯ ᠰᠡᠷᠡᠭᠦ ᠥᠭᠡᠢ

ᠲᠦᠮᠡᠨ ᠤ ᠳᠤᠮᠳᠠ ᠡᠭᠢᠯᠡᠵᠤ ᠶᠠᠪᠣᠭ᠎ᠠ

ᠳᠡᠦᠭᠡ ᠪᠠᠨ ᠰᠠ‍‌ᠶᠢ ᠡᠰᠢᠯᠡᠵᠤ ᠪᠠᠢ᠌ᠭ᠎ᠠ

ᠬᠡᠦᠬᠡᠳ ᠤᠨ ᠰᠡᠳᠭᠢᠯ ᠴᠠᠭᠠᠨ

ᠭᠦ᠋ ᠦᠭᠡᠶ ᠴᠠᠭᠠᠨ᠃

ᠵᠠᠰᠠᠬᠤ ᠭᠡᠳ ᠵᠠᠯᠠᠬᠤ ᠶᠡᠭᠡᠰ

ᠵᠠᠩ ᠶᠢᠡᠨ ᠬᠠᠯᠠᠵᠤ ᠴᠢᠳᠠᠬᠤ ᠦᠭᠡᠶ ᠪᠠᠷ

ᠭᠡᠷᠡᠭ᠌ ᠲᠡᠶ ᠭᠡᠷᠡᠭ᠌ ᠥᠭᠡᠢ

《ᠭᠦᠷᠳᠡᠭᠡᠯ》 ᠊ᠤᠨ ᠪᠢᠷ ᠳᠦᠷᠤᠵᠤ

ᠭᠡᠨ ᠴᠤ ᠭᠡᠰᠡᠨ

ᠭᠦᠡᠳᠡᠯᠡᠨ ᠡᠴᠠ ᠨᠢ ᠪᠣᠳᠤᠭ ᠣᠷᠤᠭᠤᠯᠵᠤ

ᠬᠡᠦᠬᠡᠳ ᠤᠨ ᠰᠡᠳᠭᠢᠯ ᠢ ᠪᠢᠯᠳᠠᠨ᠎ᠡ ᠡ ᠪᠢᠯᠳᠠᠨ᠎ᠠ ︕

ᠭᠦᠭᠡᠷᠦᠭᠦᠢ ᠰᠢᠤ ︕ ᠬᠡᠦᠬᠡᠳ ᠤᠨ ᠰᠡᠳᠭᠢᠯ ᠴᠠᠭᠠᠨ

᠊ᠭ᠍‍ᠬᠢᠷᠳᠦᠭᠡᠭᠦ ᠦᠭᠡᠶ ᠯᠠ ᠪᠠᠢ᠌ᠭᠠᠰᠠᠢ ︕


ᠵᠤᠬᠢᠶᠠᠭᠴᠢ ᠶᠢᠨ ᠬᠠ‍‌ᠶᠢᠭ ᠄ ᠵᠠᠷᠤᠳ

ᠵᠤᠬᠢᠶᠠᠭᠴᠢ᠄ ᠳ·ᠰᠤᠳᠨᠠᠮ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2638
ᠴᠠᠭ᠄ 2011 ᠤᠨ ᠤ 08 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ