☆ ᠰ·ᠠᠭᠤᠯᠠ
ᠡᠵᠢ ᠮᠢᠨᠢ ᠰᠠᠨᠠᠭ᠎ᠠ ᠠᠮᠤᠷ ᠮᠠᠨ ᠡᠴᠡ ᠠᠶᠠᠷᠯᠠᠯ᠎ᠠ
ᠬᠠᠭᠳᠠ ᠶᠢᠨ ᠦᠨᠦᠷ ᠬᠠᠩᠬᠤᠯᠤᠭᠰᠠᠨ
ᠬᠠᠪᠣᠷ ᠤᠨ ᠣᠷᠢᠬᠠᠨ ᠳᠤᠯᠠᠭᠠᠬᠠᠨ ᠴᠠᠭ ᠳᠤ
ᠬᠠᠮᠤᠭ ᠠᠮᠢᠳᠠᠨ ᠢ ᠨᠣᠢ᠌ᠷᠰᠤᠭᠰᠠᠨ ᠦᠶᠡᠰ
ᠬᠠᠢ᠌ᠷᠠᠳᠤ ᠡᠵᠢ ᠮᠢᠨᠢ ᠮᠠᠨ ᠡᠴᠡ ᠪᠠᠨ ᠠᠶᠠᠷᠯᠠᠭᠰᠠᠨ ︕
ᠨᠤᠳᠤᠭ ᠶᠢᠡᠨ ᠰᠠᠨᠠᠬᠤ ᠰᠡᠳᠭᠢᠯ ᠪᠠᠢ᠌ᠯ᠎ᠠ ᠭᠡᠳ
ᠨᠤᠳᠤᠭ ᠶᠢᠡᠨ ᠡᠷᠭᠢᠵᠤ ᠦᠵᠡᠭᠦ ᠡᠴᠡ ᠬᠤᠯᠠᠳᠠᠯ᠎ᠠ ᠴᠤ
ᠨᠤᠳᠤᠭ ᠥᠭᠡᠳᠡ ᠪᠠᠨ ᠬᠠᠠᠳᠤᠵᠤ ᠮᠤᠷᠳᠠᠬᠤ ᠰᠠᠨ ᠭᠡᠵᠤ
ᠨᠣᠢ᠌ᠳᠠᠨ ᠡᠷᠴᠢ ᠲᠡᠶ ᠶᠠᠪᠣᠯ᠎ᠠ ᠳ᠋ᠠ᠂ ᠡᠵᠢ ᠮᠢᠨᠢ ᠡ ︕
ᠳᠠᠷ ᠶᠢᠡᠨ ᠪᠠᠷᠠᠭᠰᠠᠨ ᠳᠠᠯᠠᠭᠠᠤᠨ ᠣᠨ ᠤ ᠦᠶ᠎ᠡ ᠵᠢᠨ
ᠳᠠᠯ᠎ᠠ ᠰᠠᠢ᠌ᠨ ᠣᠯᠠᠨ ᠶᠠᠪᠣᠳᠠᠯ ᠴᠢᠨᠢ ᠴᠤᠪᠣᠷᠤᠯᠳᠤᠵᠤ
ᠳᠠᠳᠠᠯᠭ᠎ᠠ᠂ ᠰᠣᠢ᠌ᠬᠠ ᠭᠡᠵᠤ ᠣᠯᠠᠨ ᠰᠠᠢ᠌ᠬᠠᠨ ᠭᠢᠭ᠍ᠰᠡᠨ ᠡᠳ᠋ᠯᠡᠯ ᠴᠢᠨᠢ
ᠳᠠᠷᠢᠶᠠᠳᠤ ᠶᠢᠨ ᠪᠠᠷᠭᠡ ᠶᠢ ᠰᠠᠢ᠌ᠬᠠᠨ ᠠᠯᠳᠠᠷ ᠶᠢᠡᠷ ᠮᠢᠯᠢᠶᠠᠭᠰᠠᠨ᠃
ᠭᠦᠮᠤᠨ ᠤ ᠭᠦᠢ ᠵᠠᠯᠭᠠᠬᠤ ᠭᠡᠵᠤ ᠣᠯᠠᠨ ᠬᠡᠦᠬᠡᠳ ᠦᠰᠭᠡᠭ᠍ᠰᠡᠨ ᠪᠠᠢ᠌ᠪᠠᠤ ︖
ᠭᠦᠳᠡᠷ ᠬᠠᠳᠠᠷ ᠳᠤᠯᠤᠭᠠᠨ ᠭᠦᠤ ᠴᠢᠨᠢ ᠭᠡᠷ ᠭᠡᠷ ᠶᠢᠡᠷ ᠶᠢᠡᠨ ᠰᠥᠭᠦᠷᠡᠵᠤ ᠪᠠᠢ᠌ᠨ᠎ᠠ
ᠭᠦᠡᠳᠤ ᠶᠡᠭᠡ ᠡᠭᠡ ᠶᠢᠨ ᠬᠠᠢ᠌ᠷ᠎ᠠ ᠶᠢ ᠥᠮᠴᠢᠷᠭᠡᠵᠤ ᠶᠠᠪᠣᠭᠰᠠ ᠤᠯᠠᠭᠤᠯᠠ
ᠭᠦᠷᠳᠦᠳᠤ ᠶᠡᠭᠡ ᠮᠤᠷᠳᠠᠭᠤᠯ ᠤᠨ ᠳᠡᠷᠭᠡᠨ ᠡᠮᠦᠨ᠎ᠡ ᠠᠭᠢᠨ ᠳᠠᠭᠢᠨ ᠮᠦᠷᠭᠦᠵᠤ ᠪᠠᠢ᠌ᠨ᠎ᠠ
ᠳᠠᠨ ᠤ ᠵᠠᠶᠠᠭᠠᠵᠤ ᠦᠰᠦᠭ᠍ᠰᠡᠨ ᠨᠤᠳᠤᠭ ᠪᠣᠯ ᠭᠤᠷᠪᠠᠠᠬᠤᠧᠨ ᠶᠢᠨ ᠪᠠᠷᠠᠭᠤᠨ ᠳᠠᠷᠢᠶᠠᠳᠤ
ᠳᠠᠷᠴᠤᠭ ᠵᠠᠯᠠᠵᠤ ᠣᠷᠤᠰᠢᠭᠤᠯᠤᠭᠰᠠᠨ ᠭᠠᠵᠠᠷ ᠪᠣᠯ ᠵᠠᠷᠤᠳ ᠬᠤᠰᠢᠭᠤᠨ ᠤ ᠬᠠᠷᠠᠴᠢᠯᠠᠭᠤ
ᠳᠠᠯᠳᠠ ᠶᠢᠷᠳᠢᠠᠴᠤ ᠡᠴᠡ ᠳᠠᠭᠤᠳᠠᠵᠤ ᠢᠷᠡᠭᠦᠯᠭᠦ ᠣᠪᠠᠳᠢᠰ ᠡᠷᠳᠡᠮ ᠦᠭᠡᠶ ᠣᠴᠢᠷ
ᠳᠠᠨ ᠤ ᠪᠠᠨ ᠪᠣᠩᠬᠤᠨ ᠤ ᠡᠮᠦᠨ᠎ᠡ ᠪᠦᠭᠦᠳᠡᠭᠡᠷ ᠰᠥᠭᠦᠷᠡᠨ ᠳᠠᠩᠭ᠋ᠠᠷᠢᠭᠯᠠᠵᠤ ᠪᠣᠢ᠄
ᠡᠵᠢ ᠪᠠᠨ ᠠᠳᠠᠯᠢ ᠠᠮᠢᠳᠠᠨ ᠵᠢᠷᠭᠤᠭᠠᠨ ᠵᠣᠢ᠌ᠯ ᠳᠤ ᠳᠤᠰᠠ ᠪᠣᠶᠠᠨ ᠭᠢᠵᠡᠭᠡᠶᠡ
ᠡᠵᠢ ᠪᠠᠨ ᠠᠳᠠᠯᠢ ᠨᠤᠳᠤᠭ ᠣᠰᠤᠨ ᠤ ᠣᠷᠭᠤᠮᠠᠯ ᠠᠮᠢᠳᠠᠨ ᠢ ᠬᠠᠮᠠᠭᠠᠯᠠᠵᠤ ᠶᠠᠪᠣᠶ᠎ᠠ
ᠡᠵᠢ ᠪᠠᠨ ᠠᠳᠠᠯᠢ ᠠᠢ᠌ᠯ ᠠᠢ᠌ᠮᠠᠭ ᠤᠨ ᠠᠬ᠎ᠠ ᠳᠡᠭᠦᠤ ᠰᠠᠳᠤᠨ ᠲᠡᠶ ᠨᠥᠭᠦᠷᠯᠡᠵᠤ ᠶᠠᠪᠣᠶ᠎ᠠ
ᠡᠵᠢ ᠪᠠᠨ ᠠᠳᠠᠯᠢ ᠪᠠᠶ᠎ᠠ ᠪᠠᠨ ᠭᠠᠮᠨᠠᠵᠤ᠂ ᠦᠷ᠎ᠡ ᠠᠴᠢᠷ ᠶᠢᠡᠨ ᠬᠠᠢ᠌ᠷᠠᠯᠠᠵᠤ ᠶᠠᠪᠣᠶ᠎ᠠ ︕
2012.11
ᠵᠤᠬᠢᠶᠠᠭᠴᠢ ᠶᠢᠨ ᠬᠠᠶᠢᠭ ᠄ ᠨᠢ᠋ᠮᠠᠨ ᠬᠤᠰᠢᠭᠤ
ᠵᠤᠬᠢᠶᠠᠭᠴᠢ᠄ ᠰ·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 12635
ᠴᠠᠭ᠄ 2012 ᠤᠨ ᠤ 11 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ