ᠨᠡᠪᠲᠡᠷᠡᠨ ᠤᠷᠤᠬᠤ
ᠪᠠᠯᠡᠭ᠌ ᠤᠨ ᠳᠤᠬᠠᠢ ᠪᠢᠴᠢᠯ ᠥᠭᠦᠯᠡᠮᠵᠢ

ᠪᠠᠯᠡᠭ᠌ ᠭᠡᠵᠤ ᠶᠠᠭᠤ ᠪᠣᠢ︖ ᠪᠢ᠂ ᠴᠢ ᠁ ᠭᠡᠨ ᠪᠣᠯᠤᠭᠰᠠᠨ ᠴᠤ ᠳᠡᠭᠡᠵᠤ ᠬᠠᠴᠢᠷᠬᠠᠭᠰᠠᠨ ᠤ ᠭᠡᠷᠡᠭ᠌ ᠦᠭᠡᠶ᠃ ᠪᠢ ᠳᠠᠨ ᠳᠤ ᠰᠢᠭᠤᠳ ᠭᠡᠯᠡᠭᠡᠳ ᠥᠭ᠍ᠴᠢᠭᠡᠶ᠎ᠡ᠄ ᠪᠠᠯᠡᠭ᠌ ᠭᠡᠵᠤ ᠭᠦᠮᠤᠨ ᠭᠦᠮᠤᠨ ᠤ ᠬᠠᠷᠢᠯᠴᠠᠨ ᠳᠠᠯᠠᠷᠬᠠᠬᠤ ᠰᠡᠳᠭᠢᠯ ᠶᠢᠡᠨ ᠢᠯᠡᠳᠭᠡᠭᠦ ᠪᠣᠶᠤ ᠰᠠᠢ᠌ᠨ ᠤ ᠢᠷᠦᠭᠡᠯ ᠪᠣᠯᠠᠭᠠᠵᠤ ᠭᠦᠷᠭᠡᠭᠦ ᠶᠠᠭᠤᠮᠠᠰ ᠢ ᠭᠡᠯᠡᠳᠡᠭ᠌᠃

ᠪᠠᠯᠡᠭ᠌ ᠭᠦᠷᠭᠡᠭᠦ ᠪᠣᠶᠤ ᠳᠤᠰᠬᠤ ᠶᠠᠪᠣᠳᠠᠯ ᠡᠷᠳᠡ ᠣᠵᠤᠭᠤᠷ ᠡᠴᠡ ᠠᠪᠣᠭᠠᠤᠨ᠂ ᠭᠦᠮᠤᠨ ᠊᠊᠊᠊᠊᠊᠊᠊᠊᠊᠊᠊᠊᠊᠊ ᠨᠡᠢ᠌ᠭᠡᠮ ᠤᠨ ᠳᠤᠮᠳᠠ ᠣᠷᠤᠰᠢᠭᠰᠠᠭᠠᠷ ᠢᠷᠡᠭ᠍ᠰᠡᠨ ᠵᠣᠢ᠌ᠯᠠᠰ᠃ ᠭᠦᠮᠦᠰ ᠤᠨ ᠬᠠᠷᠢᠯᠴᠠᠨ ᠰᠡᠳᠭᠢᠯ ᠰᠠᠨᠠᠭ᠎ᠠ ᠪᠠᠨ ᠣᠢ᠌ᠯᠭᠠᠯᠴᠠᠵᠤ ᠰᠤᠯᠢᠯᠴᠠᠵᠤ᠂ ᠬᠠᠢ᠌ᠷ᠎ᠠ ᠳᠠᠯᠠᠷᠬᠠᠯ ᠶᠢᠡᠨ ᠢᠯᠡᠳᠭᠡᠵᠤ ᠳᠤᠰᠬᠠᠬᠤ ᠭᠡᠯᠪᠠᠷᠢ ᠪᠣᠯᠤᠭᠰᠠᠭᠠᠷ ᠢᠷᠡᠭ᠍ᠰᠡᠨ ᠵᠣᠢ᠌ᠯᠠᠰ᠃ ᠭᠡᠴᠦᠨᠡᠨ ᠳᠦᠷᠤ ᠶᠢᠨ ᠭᠡᠴᠦᠨᠡᠨ 《ᠣᠳᠤᠷᠢᠳᠤᠭᠴᠢ》 《ᠳᠤᠯᠤᠭᠠᠢ᠌ᠯᠠᠭᠴᠢᠳ》 ᠡᠭᠦᠨ ᠢ 《ᠥᠭᠡᠢ᠌ᠰᠭᠡᠨ᠎ᠡ》 《ᠳᠠᠷᠤᠨ᠎ᠠ》 ᠭᠡᠵᠤ ᠣᠷᠤᠯᠳᠤᠭᠰᠠᠭᠠᠷ ᠢᠷᠠᠪᠠ᠃ ᠭᠡᠰᠡᠨ ᠴᠤ᠂ ᠠᠯᠢ 《ᠳᠦᠷᠤ》 ᠊᠊᠊᠊᠊᠊᠊᠊᠊᠊᠊᠊᠊᠊᠊ ᠦᠶ᠎ᠡ ᠳᠤ ᠨᠢ᠂ ᠭᠡᠨ ᠨᠢ ᠴᠤ 《ᠥᠭᠡᠢ᠌ᠰᠭᠡᠵᠤ》 《ᠳᠠᠷᠤᠵᠤ》 ᠶᠠᠭ ᠳᠡᠢ᠌ᠯᠦᠭ᠍ᠰᠡᠨ ᠦᠭᠡᠶ᠃ 《ᠥᠭᠡᠢ᠌ᠰᠭᠡᠵᠤ》 《ᠳᠠᠷᠤᠵᠤ》 ᠳᠡᠢ᠌ᠯᠭᠦ ᠶᠤᠰᠤ ᠴᠤ ᠦᠭᠡᠶ᠃ ᠣᠴᠢᠷ ᠨᠢ᠂ ᠡᠨᠡ ᠪᠣᠯ ᠭᠦᠮᠤᠨ ᠊᠊᠊᠊᠊᠊᠊᠊᠊᠊᠊᠊᠊᠊᠊ ᠨᠡᠢ᠌ᠭᠡᠮ ᠤᠨ ᠭᠦᠷᠢᠶᠡᠨ ᠳ᠋ᠠᠭᠢ ᠨᠢᠭᠡᠨ 《ᠨᠢᠮᠭᠡᠨ》 ᠭᠡᠯᠪᠠᠷᠢ᠂ ᠨᠠᠢ᠌ᠳᠠᠴᠢ ᠢᠯᠠᠷᠠᠯ᠃ ᠭᠦᠮᠤᠨ ᠊᠊᠊᠊᠊᠊᠊᠊᠊᠊᠊᠊᠊᠊᠊ ᠨᠡᠢ᠌ᠭᠡᠮ ᠲᠡᠶ ᠬᠠᠮᠳᠤᠪᠠᠷ ᠵᠡᠷᠭᠡᠴᠡᠨ ᠣᠷᠤᠰᠢᠬᠤ ᠵᠦᠢ ᠶᠤᠰᠤᠨ ᠤ ᠥᠵᠡᠭ᠍ᠳᠡᠯ᠂ ᠵᠥᠪᠳᠡᠭᠡᠨ ᠪᠣᠷᠤᠭᠤᠤᠠᠬᠠᠬᠤ ᠶᠢᠨ ᠠᠷᠭ᠎ᠠ ᠦᠭᠡᠶ ᠣᠴᠢᠷ᠃ ᠭᠡᠨ ᠭᠦᠮᠤᠨ ᠤ ᠰᠠᠨᠠᠭ᠎ᠠ ᠪᠠᠷ ᠳᠠᠢ᠌ᠮᠤ ᠠᠮᠠᠷᠬᠠᠨ 《ᠳᠠᠷᠤᠭᠳᠠᠴᠢᠬᠠᠬᠤ》 ᠠᠷᠢᠯᠴᠢᠬᠠᠬᠤ ᠶᠠᠭᠤᠮ᠎ᠠ ᠪᠢᠰᠢ︕ ᠁

ᠠᠷᠠᠤᠨ ᠤᠨ ᠶᠠᠷᠢᠶᠠᠨ ᠳᠤ᠄ 《ᠠᠢ᠌ᠯ ᠳᠤ ᠣᠴᠢᠬᠤ ᠳᠤ ᠪᠠᠷᠢᠬᠤ ᠪᠠᠯᠡᠭ᠌ ᠦᠭᠡᠶ ᠪᠣᠯ ᠮᠤᠤᠷ ᠨᠤᠬᠠᠢ ᠨᠢ ᠪᠣᠯᠤᠭᠰᠠᠨ ᠴᠤ ᠣᠯᠢᠬᠤ (ᠣᠢ᠌ᠰᠢᠶᠠᠬᠤ) ᠴᠤ ᠦᠭᠡᠶ》 ᠭᠡᠰᠡᠨ ᠥᠭᠡ ᠪᠠᠢ᠌ᠳᠠᠭ ᠪᠣᠶᠤ 《ᠪᠠᠯᠡᠭ᠌ ᠤᠨ ᠶᠡᠭᠡ ᠪᠠᠭ᠎ᠠ ᠳᠤ ᠨᠢ ᠪᠠᠢ᠌ᠬᠤ ᠪᠢᠰᠢ᠂ ᠰᠡᠳᠭᠢᠯ (ᠠᠭᠤᠯᠭ᠎ᠠ ᠣᠤᠠᠬ᠎ᠠ) ᠳᠤ ᠨᠢ ᠪᠣᠢ》 ᠭᠡᠰᠡᠨ ᠥᠭᠡ ᠴᠤ ᠪᠠᠢ᠌ᠳᠠᠭ ᠪᠢᠯᠠ︕ ᠡᠳᠡᠭᠡᠷ ᠥᠭᠡ ᠡᠴᠡ ᠪᠢᠳᠠ ᠪᠠᠯᠡᠭ᠌ ᠤᠨ ᠠᠭᠤᠯᠭ᠎ᠠ ᠣᠤᠠᠬ᠎ᠠ᠂ ᠰᠢᠠᠵᠢ ᠴᠢᠨᠠᠷ ᠨᠢ ᠭᠦᠮᠦᠰ ᠲᠤ ᠶᠠᠮᠠᠷ ᠵᠡᠷᠭᠡ ᠶᠢᠨ ᠣᠢ᠌ᠯᠭᠠᠭᠳᠠᠬᠤᠨ᠂ ᠳᠠᠨᠢᠭᠳᠠᠬᠤᠨ ᠲᠡᠶ ᠪᠠᠢ᠌ᠳᠠᠭ ᠭᠡᠰᠡᠨ ᠢ ᠭᠡᠯᠡᠭᠦ ᠦᠭᠡᠶ ᠪᠣᠯᠤᠭᠰᠠᠨ ᠴᠤ ᠮᠠᠳᠠᠵᠤ ᠪᠣᠯᠬᠤ ᠶᠤᠮ᠃

ᠪᠢ ᠬᠠᠶᠠ ᠳᠠᠭᠠᠨ ᠭᠦᠮᠤᠨ ᠳᠤ (ᠪᠣᠰᠤᠳ ᠳᠤ) ᠪᠠᠭ᠎ᠠ ᠰᠠᠭ᠎ᠠ ᠪᠠᠯᠡᠭ᠌ ᠭᠦᠷᠭᠡᠳᠡᠭ᠌᠃ ᠬᠠᠶᠠ ᠳᠠᠭᠠᠨ ᠪᠠᠰᠠ ᠪᠣᠰᠤᠳ ᠤᠨ ᠭᠦᠷᠭᠡᠭ᠍ᠰᠡᠨ ᠪᠠᠯᠡᠭ᠌ ᠰᠠᠯᠳᠠ ᠶᠢ ᠪᠠᠭ᠎ᠠ ᠰᠠᠭ᠎ᠠ ᠳᠤᠰᠴᠢᠬᠠᠳᠠᠭ᠃ ᠡ᠊ᠨᠳᠡ ᠨᠠᠳᠠ ᠭᠦᠮᠤᠨ ᠡᠴᠡ ᠨᠢᠭᠤᠮᠠᠷ ᠶᠠᠭᠤᠮ᠎ᠠ ᠭᠡᠵᠤ ᠨᠢᠭᠡ ᠴᠤ ᠦᠭᠡᠶ᠃ ᠪᠢ ᠪᠣᠯ 《ᠥᠭᠡᠢ᠌ᠭᠦᠤ ᠠᠩᠭᠢ ᠶᠢᠨ ᠳᠠᠷᠤᠩᠭ᠋ᠣᠢ᠌ᠯᠠᠬᠤ ᠵᠠᠰᠠᠭ》 ᠊ᠤᠨ ᠳᠤᠤᠷ᠎ᠠ ᠦᠰᠦᠨ ᠭᠦᠮᠦᠵᠢᠭ᠍ᠳᠡᠭ᠍ᠰᠡᠨ ᠦᠴᠦᠭᠡᠨ ᠠᠷᠠᠤᠨ ᠤᠨ ᠪᠠᠭᠰᠢ᠂ ᠶᠠᠳᠠᠭᠤᠬᠠᠨ ᠪᠢᠴᠢᠭ᠌ ᠤᠨ ᠭᠦᠮᠤᠨ᠃ ᠮᠢᠨᠤ ᠣᠷᠤᠯᠭ᠎ᠠ ᠨᠢᠮᠭᠡᠨ᠂ ᠵᠠᠷᠤᠯᠭ᠎ᠠ ᠶᠡᠭᠡ 《ᠪᠠᠢ᠌ᠷᠢ》 ᠳᠤᠤᠷ᠎ᠠ᠂ 《ᠰᠠᠭᠤᠷᠢ》 ᠰᠡᠢ᠌ᠷᠡᠭ᠌᠃ ᠨᠠᠳᠠ ᠭᠦᠮᠤᠨ ᠳᠤ ᠭᠦᠷᠭᠡᠮᠡᠷ ᠳᠠᠢ᠌ᠮᠤ ᠠᠷᠪᠢᠨ ᠮᠦᠩᠭᠦ ᠳᠦᠭᠦᠷᠢᠭ᠌᠂ ᠡᠳ᠋ ᠭᠦᠷᠦᠩᠭᠡ ᠭᠡᠵᠤ ᠪᠠᠢ᠌ᠬᠤ ᠦᠭᠡᠶ ᠭᠦᠮᠤᠨ ᠡᠴᠡ ᠳᠠᠢ᠌ᠮᠤ ᠣᠯᠠᠨ ᠮᠦᠩᠭᠦ ᠳᠦᠭᠦᠷᠢᠭ᠌᠂ ᠡᠳ᠋ ᠬᠤᠭᠰᠢᠯ ᠠᠪᠣᠮᠠᠷ ᠨᠥᠭᠦᠴᠡᠯ ᠪᠣᠯᠤᠯᠴᠠᠭ᠎ᠠ᠂ ᠰᠢᠯᠳᠠᠭᠠᠨ ᠰᠢᠷᠬᠠᠭ ᠭᠡᠵᠤ ᠴᠤ ᠪᠠᠢ᠌ᠬᠤ ᠦᠭᠡᠶ᠃ ᠮᠢᠨᠤ ᠭᠦᠮᠤᠨ ᠳᠤ ᠭᠦᠷᠭᠡᠭᠦ ᠪᠣᠶᠤ ᠳᠤᠰᠬᠤ ᠪᠠᠯᠡᠭ᠌ ᠭᠡᠵᠤ ᠳᠠᠢ᠌ᠮᠤ ᠴᠤ ᠲᠦᠮᠡᠨ ᠳᠤ 《ᠥᠵᠡᠭᠦᠯᠵᠤ》 ᠳᠦᠷᠤ ᠳᠤ 《ᠭᠠᠢ᠌ᠬᠠᠭᠤᠯᠤᠮᠠᠷ》 ᠶᠠᠭᠤᠮ᠎ᠠ ᠭᠡᠵᠤ ᠨᠠᠩ ᠴᠤ ᠪᠠᠢ᠌ᠳᠠᠭ ᠦᠭᠡᠶ᠃ ᠪᠦᠷ ᠴᠤ ᠡᠩ ᠤᠨ᠂ ᠵᠢᠵᠢᠭ᠍‍ᠬᠡᠨ ᠶᠠᠭᠤᠮᠠᠰ᠃ ᠭᠡᠯ᠎ᠡ ᠴᠤ ᠪᠢ ᠡᠭᠦᠨ ᠳᠡᠭᠡᠨ ᠶᠠᠷᠤ ᠡᠴᠡ ᠭᠤᠳᠤᠷᠠᠵᠤ ᠭᠤᠮᠤᠷᠬᠠᠳᠠᠭ ᠦᠭᠡᠶ᠃ ᠶᠠᠭᠤ ᠭᠦᠷᠭᠡᠭ᠍ᠰᠡᠨ ᠴᠤ᠂ ᠶᠠᠭᠤ ᠳᠤᠰᠤᠭᠰᠠᠨ ᠴᠤ᠂ ᠪᠠᠶᠠᠷᠳᠠᠢ ᠪᠠᠷ ᠭᠦᠷᠭᠡᠵᠤ᠂ ᠪᠠᠶᠠᠰᠤᠯᠳᠠᠢ ᠪᠠᠢ ᠳᠤᠰᠳᠠᠭ᠃ ᠡᠨᠡ ᠪᠣᠯ ᠮᠢᠨᠤ ᠪᠠᠯᠡᠭ᠌ ᠭᠦᠷᠭᠡᠭᠦ ᠪᠣᠶᠤ ᠳᠤᠰᠬᠤ ᠳᠤᠬᠠᠢ ᠦᠴᠦᠭᠡᠨ ᠳᠠᠨᠢᠯᠳᠠ᠂ ᠥᠪᠠᠷᠮᠢᠴᠡᠯᠢᠭ᠌ ᠣᠪᠣᠷ᠃

ᠮᠢᠨᠤ ᠨᠢᠭᠡᠨ ᠨᠠᠢ᠌ᠵᠠ᠂ ᠨᠢᠭᠡᠨ ᠣᠳᠠᠭ᠎ᠠ ᠨᠠᠳᠠ ᠳᠤ᠄ 《ᠪᠢᠳᠠ ᠊᠊᠊᠊᠊᠊᠊᠊᠊᠊᠊᠊᠊᠊᠊ ᠪᠢ ᠶᠠᠳᠠᠭᠤ᠂ ᠵᠤᠭᠤᠰ ᠦᠭᠡᠶ ᠭᠡᠳ ᠪᠣᠰᠤᠳ ᠲᠤ ᠪᠠᠯᠡᠭ᠌ ᠶᠠᠭ ᠭᠦᠷᠭᠡᠭᠦ ᠦᠭᠡᠶ ᠪᠠᠢ᠌ᠵᠤ ᠪᠣᠯᠬᠤ ᠦᠭᠡᠶ᠃ ᠪᠠᠰᠠ ᠵᠤᠭᠢᠬᠤ ᠭᠡᠮᠵᠢᠶ᠎ᠡ ᠪᠠᠷ ᠭᠦᠷᠭᠡᠭᠦ ᠭᠡᠷᠡᠭ᠍ᠳᠡᠢ᠃ ᠨᠠᠮ᠎ᠠ ᠶᠢ ᠪᠠᠢ᠌ᠷᠢ ᠳᠤᠤᠷ᠎ᠠ᠂ ᠰᠠᠭᠤᠷᠢ ᠰᠡᠢ᠌ᠷᠡᠭ᠌ ᠭᠡᠵᠤ ᠳᠤᠤᠷ᠎ᠠ ᠦᠵᠡᠵᠤ ᠊᠊᠊᠊᠊᠊᠊᠊᠊᠊᠊᠊᠊᠊᠊ ᠳᠤᠷᠤᠮᠵᠢᠯᠠᠵᠤ ᠭᠢᠷᠢᠴᠢᠯᠠᠵᠤ ᠪᠠᠢ᠌ᠨ᠎ᠠ ᠭᠡᠳ ᠪᠣᠰᠤᠳ ᠤᠨ ᠭᠦᠷᠭᠡᠭ᠍ᠰᠡᠨ 〈ᠳᠤᠮᠤ〉 ᠰᠢᠭ ᠊᠊᠊᠊᠊᠊᠊᠊᠊᠊᠊᠊᠊᠊᠊ 《ᠪᠣᠯᠤᠮᠠᠷ》 ᠰᠢᠭ ᠪᠠᠯᠡᠭ᠌ ᠢ ᠨᠢ ᠪᠣᠯ ᠠᠪᠴᠢᠬᠠᠭᠠᠤᠨ᠂ ᠵᠢᠵᠢᠭ᠌ ᠊᠊᠊᠊᠊᠊᠊᠊᠊᠊᠊᠊᠊᠊᠊ ᠪᠠᠭ᠎ᠠ ᠰᠠᠭ᠎ᠠ ᠪᠠᠯᠡᠭ᠌ ᠰᠠᠯᠳᠠ ᠶᠢ ᠨᠢ ᠪᠣᠯ 《ᠭᠤᠯᠤᠵᠤ》 ᠊᠊᠊᠊᠊᠊᠊᠊᠊᠊᠊᠊᠊᠊᠊ ᠠᠪᠬᠤ ᠦᠭᠡᠶ ᠳᠤᠰᠬᠤ ᠦᠭᠡᠶ ᠪᠠᠢ᠌ᠵᠤ ᠴᠤ ᠪᠠᠰᠠ ᠪᠣᠯᠬᠤ ᠦᠭᠡᠶ᠃ ᠠᠪᠣᠪᠠᠯ ᠠᠳᠠᠯᠢᠬᠠᠨ ᠠᠪᠣᠨ᠎ᠠ᠃ ᠠᠪᠬᠤ ᠦᠭᠡᠶ ᠪᠣᠯ ᠪᠦᠷ ᠢ ᠊᠊᠊᠊᠊᠊᠊᠊᠊᠊᠊᠊᠊᠊᠊ ᠭᠡᠵᠢᠶᠡᠳᠡ᠂ ᠳᠠᠰ ᠠᠪᠬᠤ ᠦᠭᠡᠶ᠃ ᠡᠨᠡ ᠪᠣᠯ ᠪᠠᠯᠡᠭ᠌ ᠭᠦᠷᠭᠡᠭᠦ ᠪᠣᠶᠤ ᠳᠤᠰᠬᠤ ᠶᠢᠨ ᠦᠨᠳᠦᠰᠦᠨ 〈ᠮᠡᠳᠡᠯᠭᠡ〉᠂ ᠦᠨᠳᠦᠰᠦᠨ ᠪᠠᠷᠢᠮᠳᠠᠯᠠᠯ ᠁ ᠮᠤᠷᠠᠯ ᠰᠤᠷᠳᠠᠬᠤᠨ ᠤ ᠣᠴᠢᠷ ᠁》 ᠭᠡᠵᠤ ᠭᠡᠯᠡᠵᠤ ᠥᠩᠭᠡᠷᠡᠭ᠍ᠰᠡᠨ ᠪᠢᠯᠠ︕ ᠡᠨᠡ ᠥᠭᠡ ᠦᠨᠡᠨ ᠥᠭᠡ᠂ ᠶᠤᠰᠤᠳᠠᠢ ᠣᠴᠢᠷ ᠪᠠᠢ᠌ᠵᠤ ᠮᠠᠳᠠᠨ᠎ᠠ ᠭᠡᠵᠤ ᠪᠢ ᠭᠡᠵᠢᠶᠡᠳᠡ ᠪᠣᠳᠤᠳᠠᠭ᠃ ᠭᠠᠭᠴᠠᠬᠦ ᠴᠢ ᠡᠭᠦᠨ ᠢ ᠶᠠᠭᠠᠭᠢᠵᠤ ᠣᠢ᠌ᠯᠭᠠᠨ᠎ᠠ ᠦᠦ ᠭᠡᠰᠡᠨ ᠳᠡᠭᠡᠷ᠎ᠡ ᠪᠣᠢ᠃

ᠪᠠᠯᠡᠭ᠌ ᠲᠤ ᠶᠡᠭᠡ ᠪᠠᠭ᠎ᠠ᠂ ᠦᠨ᠎ᠡ ᠲᠡᠶ ᠦᠨ᠎ᠡ ᠦᠭᠡᠶ ᠶᠢᠨ ᠵᠦᠷᠢᠶ᠎ᠠ ᠭᠡᠵᠤ ᠪᠠᠢ᠌ᠬᠤ ᠡᠴᠡ ᠪᠢᠰᠢ᠂ ᠰᠠᠢ᠌ᠨ ᠮᠠᠭᠤ᠂ ᠭᠡᠷᠡᠭ᠌ (ᠭᠡᠷᠡᠭ᠍ᠴᠡᠭᠡ) ᠲᠡᠶ᠂ ᠭᠡᠷᠡᠭ᠌ (ᠭᠡᠷᠡᠭ᠍ᠴᠡᠭᠡ) ᠦᠭᠡᠶ ᠶᠢᠨ ᠵᠦᠷᠢᠶ᠎ᠠ ᠭᠡᠵᠤ ᠪᠠᠢ᠌ᠳᠠᠭ ᠦᠭᠡᠶ᠃ ᠪᠠᠯᠡᠭ᠌ ᠤᠨ ᠦᠨ᠎ᠡ ᠦᠷᠳᠡᠭ᠌ ᠨᠢ ᠳᠡᠭᠦᠨ ᠤ ᠶᠡᠭᠡ ᠪᠠᠭ᠎ᠠ᠂ ᠦᠨ᠎ᠡ ᠲᠡᠶ᠂ ᠦᠨ᠎ᠡ ᠦᠭᠡᠶ ᠳᠡᠭᠡᠨ ᠪᠠᠢ᠌ᠳᠠᠭ ᠪᠢᠰᠢ᠂ ᠠᠭᠤᠯᠭ᠎ᠠ᠂ ᠣᠤᠠᠬ᠎ᠠ ᠊᠊᠊᠊᠊᠊᠊᠊᠊᠊᠊᠊᠊᠊᠊ ᠠᠭᠤᠯᠤᠭᠰᠠᠨ ᠰᠠᠨᠠᠭ᠎ᠠ ᠳᠠᠭᠠᠨ ᠯᠠ ᠪᠠᠢ᠌ᠳᠠᠭ ᠶᠤᠮ᠃

ᠭᠦᠮᠤᠨ ᠪᠣᠯ ᠰᠡᠳᠬᠢᠯᠭᠡ ᠲᠡᠶ ᠠᠮᠢᠳᠠᠨ᠃ ᠨᠡᠢ᠌ᠭᠡᠮ ᠤᠨ ᠠᠵᠢᠯᠯᠠᠭ᠎ᠠ᠂ ᠠᠮᠢᠳᠤᠷᠠᠯ ᠤᠨ ᠵᠤᠭᠢᠴᠠᠯᠴᠠᠭ᠎ᠠ ᠳᠤᠮᠳᠠ᠂ ᠨᠢᠭᠡᠨ ᠨᠢᠭᠡᠨ ᠶᠢᠡᠨ ᠡᠷᠢᠵᠤ ᠪᠠᠷᠢᠵᠤ ᠣᠴᠢᠷ ᠶᠠᠪᠣᠳᠠᠯ ᠪᠦᠳᠦᠭᠡᠯᠭᠡᠵᠤ᠂ ᠬᠠᠷᠢᠯᠴᠠᠨ ᠪᠠᠶᠠᠷᠯᠠᠯᠴᠠᠵᠤ ᠳᠠᠯᠠᠷᠬᠠᠯᠴᠠᠵᠤ᠂ ᠪᠠᠭ᠎ᠠ ᠰᠠᠭ᠎ᠠ ᠪᠠᠯᠡᠭ᠌ ᠰᠠᠯᠳᠠ ᠭᠦᠷᠭᠡᠯᠴᠡᠵᠤ᠂ ᠪᠠᠶᠠᠷᠯᠠᠵᠤ ᠳᠠᠯᠠᠷᠬᠠᠵᠤ᠂ ᠪᠠᠶᠠᠰᠴᠤ ᠳᠤᠭᠳᠤᠯᠠᠵᠤ ᠁ ᠪᠠᠢ᠌ᠭ᠎ᠠ ᠰᠡᠳᠭᠢᠯ ᠶᠢᠡᠨ ᠢᠯᠡᠳᠭᠡᠭᠦ ᠨᠢ ᠡᠩ ᠤᠨ ᠣᠴᠢᠷ︕ ᠵᠦᠢ ᠶᠤᠰᠤᠨ ᠤ ᠶᠠᠪᠣᠳᠠᠯ᠃ ᠳᠠᠢ᠌ᠮᠤ ᠮᠠᠭᠤᠬᠠᠢ᠂ ᠪᠣᠵᠠᠷ ᠶᠠᠭᠤᠮᠠᠰ ᠪᠢᠰᠢ᠃ ᠨᠢᠭᠤᠷ ᠶᠢᠡᠨ ᠪᠠᠷᠠᠵᠤ 《ᠨᠢᠭᠦᠯ》 ᠵᠢᠡᠨ 《ᠳᠦᠭᠦᠷᠭᠡᠭ᠍ᠰᠡᠨ》 ᠶᠠᠪᠣᠳᠠᠯ ᠨᠠᠩ ᠴᠤ ᠪᠢᠰᠢ︕

ᠭᠢᠷᠢ ᠡᠴᠡ ᠪᠠᠨ ᠠᠬᠠᠳᠠᠳᠠᠯ᠎ᠠ᠂ ᠪᠢᠷ᠎ᠠ ᠡᠴᠡ ᠪᠠᠨ ᠳᠠᠪᠠᠳᠠᠯ᠎ᠠ ᠭᠦᠷᠭᠡᠭᠦ ᠪᠣᠶᠤ ᠳᠤᠰᠬᠤ (ᠠᠪᠬᠤ) ᠯᠠ ᠭᠡᠴᠡᠭᠦᠤ᠃ ᠭᠡᠷᠡᠭ᠌ ᠥᠭᠡᠷᠡᠳᠡᠵᠤ 《ᠭᠡᠭᠡᠯᠢ》 ᠶᠡᠭᠡᠳᠡᠵᠤ ᠬᠠᠤᠯᠢ ᠳᠤ ᠣᠨᠠᠵᠤ ᠬᠤᠷᠢᠭᠤᠯ ᠳᠤ ᠣᠷᠤᠵᠤ ᠮᠠᠳᠠᠨ᠎ᠠ᠃ ᠭᠢᠴᠢᠶᠠᠵᠤ ᠰᠠᠷᠠᠮᠵᠢᠯᠠᠵᠤ ᠶᠠᠪᠣᠬᠤ ᠨᠢ ᠵᠦᠪ︕ ᠭᠡᠷᠰᠡᠤᠯᠡᠵᠤ᠂ ᠪᠠᠷᠢᠮᠳᠠᠯᠠᠵᠤ᠂ ᠵᠠᠷᠴᠢᠮᠴᠢᠯᠠᠵᠤ ᠪᠠᠢ᠌ᠬᠤ ᠨᠢ ᠵᠦᠢ︕

ᠷᠠᠳᠢᠤ᠋ ᠳᠸᠯᠸᠢᠰ᠂ ᠰᠤᠨᠢᠨ ᠰᠡᠳᠭᠦᠯ᠂ ᠮᠡᠳᠡᠭᠡᠯᠡᠯ ᠵᠠᠭᠤᠴᠢᠯᠠᠭᠤᠷ ᠡᠴᠡ᠂ ᠪᠢᠳᠠ ᠭᠡᠵᠢᠶᠡᠳᠡ 《ᠭᠡᠨ ᠭᠡᠨ ᠭᠡᠳᠦᠢ ᠭᠡᠳᠦᠢ ᠮᠦᠩᠭᠦ ᠵᠤᠭᠤᠰ ᠱᠠᠮᠰᠢᠴᠢᠬᠠᠯ᠎ᠠ᠂ ᠢᠳᠡᠴᠢᠭᠡᠯ᠎ᠡ ᠁ ᠭᠡᠳᠦᠢ ᠭᠡᠳᠦᠢ ᠪᠠᠯᠡᠭ᠌ ᠰᠠᠯᠳᠠ ᠠᠪᠴᠢᠬᠠᠯ᠎ᠠ᠂ ᠭᠦᠷᠭᠡᠴᠢᠭᠡᠯ᠎ᠡ ᠁ ᠭᠡᠳᠦᠢ ᠭᠡᠳᠦᠢ ᠬᠤᠭᠤᠴᠠᠭ᠎ᠠ ᠪᠠᠷ ᠬᠤᠷᠢᠭᠳᠠᠴᠢᠬᠠᠯ᠎ᠠ᠂ ᠳᠠᠷᠤᠭᠳᠠᠴᠢᠬᠠᠯ᠎ᠠ ᠁》᠂ ᠴᠢᠨᠠᠭᠰᠢᠯᠠᠪᠠᠯ 《᠁ ᠠᠯᠠᠭᠳᠠᠴᠢᠬᠠᠯ᠎ᠠ᠂ ᠪᠣᠯᠠᠭᠳᠠᠴᠢᠬᠠᠯ᠎ᠠ ᠁》 ᠭᠡᠭᠦ ᠮᠠᠳᠤ ᠪᠠᠷ ᠣᠯᠠᠨ ᠣᠯᠵᠤ ᠰᠤᠨᠤᠰᠳᠠᠭ᠃ ᠡᠭᠦᠨ ᠳᠤ᠂ ᠣᠯᠠᠩᠭᠢ ᠨᠢ ᠪᠠᠯᠡᠭ᠌ ᠰᠠᠯᠳᠠ ᠭᠦᠷᠭᠡᠵᠤ ᠳᠤᠰᠤᠭᠰᠠᠨ ᠪᠣᠶᠤ ᠭᠡᠭᠡᠯᠢ ᠬᠠᠬᠤᠤᠯᠢ ᠢᠳᠡᠭ᠍ᠰᠡᠨ ᠨᠢ ᠠᠬᠠᠳᠠᠵᠤ ᠭᠡᠳᠦᠷᠦᠭ᠍ᠰᠡᠨ ᠡᠴᠡ ᠪᠣᠯᠤᠭᠰᠠᠨ ᠣᠴᠢᠷ ᠪᠠᠢ᠌ᠬᠤ ᠨᠢ ᠳᠠᠮᠵᠢᠭ ᠦᠭᠡᠶ᠃ ᠡᠭᠦᠨ ᠢ ᠮᠠᠨ ᠤ ᠡᠩ ᠤᠨ᠂ ᠶᠠᠷᠤᠳᠠ ᠶᠢᠨ ᠪᠠᠯᠡᠭ᠌ ᠰᠠᠯᠳᠠ ᠭᠦᠷᠭᠡᠵᠤ ᠳᠤᠰᠬᠤ ᠲᠡᠶ ᠢᠯᠭᠠᠵᠤ ᠰᠠᠯᠭᠠᠵᠤ ᠥᠵᠡᠭᠦ ᠭᠡᠷᠡᠭ᠍ᠳᠡᠢ᠃ ᠮᠠᠨ ᠤ ᠶᠠᠷᠤᠳᠠ ᠶᠢᠨ ᠭᠡᠯᠡᠳᠡᠭ᠌ ᠪᠠᠯᠡᠭ᠌ ᠰᠠᠯᠳᠠ ᠭᠦᠷᠭᠡᠭᠦ ᠭᠡᠳᠡᠭ᠌ ᠨᠢ ᠠᠷᠠᠤᠨ ᠤᠨ ᠳᠤᠮᠳᠠᠭᠢ ᠡᠳᠦᠷ ᠳᠤᠳᠤᠮ ᠤᠨ ᠶᠠᠪᠣᠯᠴᠠᠭ᠎ᠠ ᠬᠠᠷᠢᠯᠴᠠᠭ᠎ᠠ ᠳ᠋ᠠᠭᠢ ᠪᠠᠯᠡᠭ᠌ ᠰᠠᠯᠳᠠ (ᠲ᠋ᠤᠷᠠᠰᠬᠠᠯ ᠤᠨ ᠵᠣᠢ᠌ᠯᠠᠰ ᠵᠡᠷᠭᠡ ᠵᠢ) ᠭᠦᠷᠭᠡᠵᠤ ᠳᠤᠰᠬᠤ ᠶᠢ ᠭᠡᠯᠡᠵᠤ ᠪᠠᠢ᠌ᠭ᠎ᠠ ᠶᠤᠮ᠃ ᠡᠷᠭᠡ ᠠᠰᠢᠭ᠂ ᠡᠳ᠋ ᠮᠦᠩᠭᠦ ᠶᠢᠨ ᠳᠠᠯ᠎ᠠ ᠳ᠋ᠠᠭᠢ ᠪᠠᠯᠡᠭ᠌ ᠰᠠᠯᠳᠠ ᠭᠦᠷᠭᠡᠭᠦ ᠪᠣᠶᠤ ᠳᠤᠰᠬᠤ ᠶᠢ ᠭᠡᠯᠡᠵᠤ ᠪᠠᠢ᠌ᠭ᠎ᠠ ᠪᠢᠰᠢ ᠶᠤᠮ᠃ ᠶᠡᠭᠡ ᠪᠣᠯᠤᠭᠰᠠᠨ ᠴᠤ᠂ ᠪᠠᠭ᠎ᠠ ᠪᠣᠯᠤᠭᠰᠠᠨ ᠴᠤ᠂ ᠭᠦᠷᠭᠡᠭ᠍ᠰᠡᠨ ᠪᠣᠶᠤ ᠳᠤᠰᠤᠭᠰᠠᠨ ᠪᠣᠯ 《ᠶᠠᠯ᠎ᠠ》 ᠲᠡᠶ 《ᠭᠡᠮ》 ᠲᠡᠶ ᠭᠡᠵᠤ ᠥᠵᠡᠭᠦ ᠪᠣᠯ ᠪᠠᠭ᠎ᠠ ᠵᠤᠭᠢᠬᠤ ᠦᠭᠡᠶ᠃ ᠳᠡᠩᠳᠡᠭᠦᠤ 《ᠭᠡᠳᠦᠷᠮᠡᠳᠡᠭᠡᠢ》 ᠦᠵᠡᠯᠳᠠ 《ᠵᠡᠭᠦᠨ》 ᠊ᠤ 《ᠠᠪᠳᠠᠯ》 ᠪᠢᠰᠢ ᠪᠣᠯ 《ᠪᠠᠷᠠᠭᠤᠨ》 ᠊ᠤ 《ᠪᠠᠷᠢᠮᠳᠠᠯᠠᠯ》᠃ ᠭᠢᠷᠢ ᠭᠡᠮᠵᠢᠶ᠎ᠡ᠂ ᠰᠢᠠᠵᠢ ᠴᠢᠨᠠᠷ ᠢ ᠨᠢ ᠦᠵᠡᠵᠤ᠂ ᠢᠯᠭᠠᠵᠤ ᠰᠠᠯᠭᠠᠵᠤ ᠥᠵᠡᠭᠦ ᠪᠣᠯ ᠭᠡᠵᠢᠶ᠎ᠡ ᠡᠭᠦᠷᠢᠳᠡ ᠶᠢᠨ ᠰᠠᠢ᠌ᠬᠠᠨ ᠰᠤᠷᠳᠠᠯ ᠨᠠᠠᠳᠢᠨ ᠠᠷᠢᠭᠤᠨ ᠵᠠᠩ ᠰᠤᠷᠳᠠᠯ ᠶᠢᠡᠨ ᠦᠷᠭᠦᠯᠵᠢᠯᠡᠭᠦᠯᠵᠤ᠂ ᠨᠠᠢ᠌ᠳᠠ ᠳᠤ ᠬᠤᠤᠷ ᠲᠡᠶ ᠢᠯᠠᠷᠠᠯ ᠥᠵᠡᠭ᠍ᠳᠡᠯ ᠢ ᠳᠠᠷᠤᠨ ᠠᠷᠢᠯᠭᠠᠬᠤ ᠶᠢᠨ ᠬᠠᠮᠤᠭ ᠤᠨ ᠭᠤᠤᠯᠴᠢ ᠰᠢᠭᠦᠭᠦᠷ ᠪᠢᠯᠠ︕



2010.07.03. ᠬᠦᠬᠡᠬᠤᠲᠠᠨ᠎ᠡ


ᠵᠤᠬᠢᠶᠠᠭᠴᠢ ᠶᠢᠨ ᠬᠠᠶ‍ᠢᠭ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6183
ᠴᠠᠭ᠄ 2010 ᠤᠨ ᠤ 08 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ