ᠨᠡᠪᠲᠡᠷᠡᠨ ᠤᠷᠤᠬᠤ
ᠪᠣᠷᠬᠠᠨ ᠳᠤ ᠡᠮᠭᠦᠭᠦᠯᠦᠭ᠍ᠰᠡᠨ ᠪᠢᠰᠢᠯᠠᠭ

ᠨᠠᠮᠤᠷ ᠤᠨ ᠨᠠᠯᠠᠭᠠᠷ ᠡᠳᠦᠷ ᠨᠢᠳᠤ ᠠᠯᠳᠠᠮ᠎ᠠ ᠬᠠᠪᠳᠠᠭᠠᠢ ᠶᠢᠨ ᠵᠤ᠋ ᠳᠤ ᠳᠤᠰᠤᠨ ᠳᠠᠷᠭᠤ ᠪᠠᠨ ᠠᠪᠴᠤ ᠪᠣᠢ ᠮᠠᠯ ᠰᠦᠷᠦᠭ᠌ ᠴᠠᠢ᠌ᠯᠵᠠᠨ ᠪᠠᠯᠴᠢᠵᠤ ᠡ᠊ᠨᠳᠡ ᠳᠠᠠᠳᠠ ᠮᠤᠩᠭ᠋ᠤᠯ ᠭᠡᠷ ᠬᠠᠷᠠᠭᠳᠠᠨ᠎ᠠ᠃ ᠭᠡᠷ ᠤᠨ ᠳᠡᠷᠭᠡᠳᠡ ᠭᠡᠳᠤᠨ ᠬᠡᠦᠬᠡᠳ 《ᠴᠢᠨ᠋ᠸ᠎ᠠ ᠬᠤᠨᠢ ᠪᠠᠷᠢᠬᠤ》 ᠨᠠᠭᠠᠳᠤᠮ ᠳᠤᠭᠯᠠᠵᠤ ᠡᠷᠢᠶᠡᠨ ᠶᠢᠡᠷ ᠪᠠᠷᠭᠢᠷᠠᠯᠳᠤᠨ ᠱᠤᠤᠭᠢᠯᠳᠤᠬᠤ ᠨᠢ ᠴᠢᠨ᠋ᠸ᠎ᠠ ᠳᠤ ᠦᠨᠡᠨ ᠪᠠᠷᠢᠭᠳᠠᠪᠠ ᠦᠦ ᠭᠡᠮᠡᠷ᠃

ᠡᠨᠡ ᠨᠠᠭᠠᠳᠤᠮ ᠳᠤ ᠣᠷᠤᠯᠴᠠᠵᠤ ᠪᠠᠢ᠌ᠭ᠎ᠠ ᠨᠢᠭᠡᠨ ᠪᠣᠷᠵᠢᠭᠠᠷ ᠰᠢᠷ᠎ᠠ ᠦᠰᠦ ᠲᠡᠶ ᠳᠤᠭᠤᠯᠠᠩ ᠭᠦᠤ ᠠᠮᠠᠷᠬᠠᠨ 《ᠴᠢᠨ᠋ᠸ᠎ᠠ》 ᠳᠤ ᠪᠠᠷᠢᠭᠳᠠᠨ ᠰᠢᠦᠡᠭᠡᠯ ᠤᠨ ᠣᠷᠤᠨ ᠳᠤ ᠳᠤᠮᠤ ᠭᠦᠮᠤᠨ ᠤ ᠳᠠᠭᠤᠯᠠᠳᠠᠭ 《ᠢᠠᠵᠠᠭᠠᠨ ᠵᠤ᠋ ᠲᠡᠶ ᠰᠠᠷᠠᠯ》 《ᠶᠠᠩᠵᠤᠤᠷ ᠳᠠᠮᠠᠭᠢ》 ᠮᠠᠳᠤ ᠶᠢᠨ ᠳᠠᠭᠤᠤ ᠶᠢ ᠰᠢᠩᠭᠡᠨ ᠬᠤᠩᠭ᠋ᠤᠷ ᠬᠤᠭᠤᠯᠠᠢ ᠪᠠᠷ ᠳᠠᠭᠤᠯᠠᠬᠤ ᠨᠢ ᠶᠠᠭᠤᠳᠠᠢ ᠠᠪᠢᠶᠠᠰᠠᠯᠢᠭ ᠰᠤᠨᠤᠰᠳᠠᠬᠤ ᠠᠵᠢ᠃

ᠨᠠᠭᠠᠳᠤᠮ ᠭᠡᠳᠦᠡᠳᠡ ᠦᠷᠭᠦᠯᠵᠢᠯᠡᠵᠤ ᠦᠨᠦᠭᠢ 《ᠴᠢᠨ᠋ᠸ᠎ᠠ》 ᠨᠢ ᠠᠶᠤᠮᠠᠷ ᠳᠦᠷᠢᠯᠠᠨ ᠡᠰᠢ ᠳᠠᠰᠢ ᠳᠡᠪᠭᠡᠴᠡᠭᠦ ᠳᠤ ᠪᠣᠤ ᠯᠠ ᠪᠠᠷᠢᠭᠳᠠᠴᠢᠬᠠᠶ᠎ᠠ ᠭᠡᠵᠤ ᠬᠡᠦᠬᠡᠳ ᠤᠳ ᠠᠶᠤᠵᠤ ᠰᠤᠴᠢᠭᠰᠠᠨ ᠰᠢᠩᠭᠡᠨ ᠳᠠᠭᠤ ᠭᠠᠷᠭᠠᠨ ᠪᠣᠯᠳᠠᠵᠤ ᠳᠤᠳᠠᠭᠠᠬᠤ ᠪᠣᠯᠪᠠᠴᠤ ᠨᠥᠭᠦᠭᠡ ᠰᠢᠷ᠎ᠠ ᠦᠰᠦ ᠲᠡᠶ ᠳᠤᠭᠤᠯᠠᠩ ᠭᠦᠤ ᠪᠠᠰᠠᠯᠠ ᠪᠠᠷᠢᠭᠳᠠᠴᠢᠬᠠᠵᠠᠢ᠃ ᠡᠨᠡ ᠣᠳᠠᠭ᠎ᠠ ᠬᠤᠷᠤ ᠨᠢ ᠪᠣᠴᠠᠯᠤᠭᠰᠠᠨ ᠪᠣᠯᠤᠯᠳᠠᠢ᠂ ᠵᠡᠮᠳᠡᠭ᠌ ᠭᠦᠯ ᠳᠡᠭᠡᠨ ᠠᠭᠤᠷᠯᠠᠨ 《ᠣᠳᠠᠭ᠎ᠠ ᠪᠣᠯᠭᠠᠨ ᠪᠢ ᠪᠠᠷᠢᠭᠳᠠᠭᠠᠤᠨ᠂ ᠨᠠᠭᠠᠳᠤᠬᠤ ᠪᠠᠨ ᠪᠣᠯᠢᠶ᠎ᠠ》 ᠭᠡᠵᠤ ᠭᠡᠷ ᠵᠥᠭ᠌ ᠶᠢᠡᠨ ᠳᠤᠭᠤᠯᠳᠠᠨ ᠠᠯᠬᠤᠯ᠎ᠠ᠃

ᠭᠡᠷ ᠤᠨ ᠬᠣᠢ᠌ᠮᠤᠷ ᠲᠤ ᠣᠭᠠᠯᠵᠠᠨ ᠬᠡ ᠲᠡᠶ ᠠᠪᠳᠠᠷ᠎ᠠ ᠶᠢᠨ ᠳᠡᠭᠡᠷ᠎ᠡ ᠭᠦᠩᠭᠡᠷᠸ᠎ᠡ ᠲᠡᠶ ᠪᠣᠷᠬᠠᠨ ᠳᠠᠭᠢᠵᠠᠢ᠃ ᠳᠦᠴᠢ ᠡᠷᠭᠢᠮ᠎ᠡ ᠨᠠᠰᠤᠨ ᠤ ᠪᠦᠰᠡᠭᠦᠢ ᠪᠢᠰᠢᠯᠠᠭ ᠰᠢᠬᠠᠨ ᠰᠠᠭᠤᠬᠤ ᠳᠤ ᠭᠦᠨᠦᠭ᠌ ᠳᠦᠭᠦᠷᠡᠩ ᠠᠢ᠌ᠷᠠᠭ ᠱᠤᠤᠭᠢᠵᠤ᠂ ᠭᠡᠷ ᠡᠴᠠ ᠰᠥ᠋ ᠴᠠᠭ᠎ᠠ ᠶᠢᠨ ᠦᠨᠦᠷ ᠬᠠᠩᠬᠤᠯᠤᠨ᠎ᠠ᠃

ᠲ᠋ᠤᠭᠤᠯᠠᠩ ᠭᠦᠤ ᠪᠣᠱᠤᠭᠠᠨ ᠤ ᠬᠠᠵᠠᠭᠤ ᠳᠤ ᠡᠷᠡᠤ ᠳᠤᠯᠤᠨ ᠦᠶᠡᠴᠤᠤᠯ ᠤᠨ ᠶᠢᠡᠨ ᠳᠤᠭᠯᠠᠵᠤ ᠱᠤᠤᠭᠢᠯᠳᠤᠬᠤ ᠶᠢ ᠳᠤᠮᠪᠣᠢ᠌ᠵᠤ ᠬᠠᠷᠠᠭᠠᠤᠨ ᠴᠥᠭᠦᠭ᠍ᠰᠡᠨ ᠪᠣᠯᠤᠯᠳᠠᠢ᠂ ᠡᠭᠡ ᠶᠢᠨ ᠶᠢᠡᠨ ᠳᠡᠷᠭᠡᠳᠡ ᠭᠦᠷᠴᠤ ᠳᠦᠷᠪᠠᠯᠵᠢᠯᠠᠨ ᠰᠢᠬᠠᠭᠰᠠᠨ ᠪᠢᠰᠢᠯᠠᠭ ᠤᠨ ᠨᠢᠭᠡ ᠥᠡᠴᠦᠭ᠌ ᠢ ᠰᠡᠮᠡᠭᠡᠷ ᠡᠮᠭᠦᠵᠡᠢ᠃ ᠳᠡᠭᠡᠴᠢᠭᠡᠭᠡᠳ᠄

᠊᠊᠊᠊᠊᠊᠊᠊᠊᠊᠊᠊᠊᠊᠊ ᠡᠵᠢ ᠡ᠂ ᠪᠢᠰᠢᠯᠠᠭ ᠤᠨ ᠨᠢᠭᠡᠨ ᠥᠡᠴᠦᠭ᠌ ᠢ ᠭᠡᠨ ᠡᠮᠭᠦᠴᠢᠭᠡᠪᠡ︖ ᠭᠡᠵᠤ ᠵᠠᠯᠢ ᠲᠡᠶ ᠨᠢᠳᠤ ᠪᠠᠷ ᠡᠵᠢ ᠶᠢᠨ ᠶᠢᠡᠨ ᠴᠢᠷᠠᠢ ᠶᠢ ᠰᠢᠷᠳᠠᠨ᠎ᠡ᠃ ᠡᠵᠢ ᠨᠢ ᠭᠦᠤ ᠪᠠᠨ ᠨᠢᠭᠡ ᠠᠵᠢᠵᠤ᠂ ᠪᠢᠰᠢᠯᠠᠭ ᠶᠢᠡᠨ ᠨᠢᠭᠡ ᠬᠠᠷᠠᠭᠠᠤᠨ᠄

᠊᠊᠊᠊᠊᠊᠊᠊᠊᠊᠊᠊᠊᠊᠊ ᠥ ᠭᠦᠭᠡᠷᠦᠭᠦᠢ᠂ ᠪᠣᠷᠬᠠᠨ ᠡᠮᠭᠦᠴᠢᠭᠡᠭ᠍ᠰᠡᠨ ᠪᠠᠢ᠌ᠬᠤ ᠦᠭᠡᠶ ᠦᠦ ᠭᠡᠵᠤ ᠬᠠᠰᠢᠷ ᠭᠦᠮᠤᠨ ᠤ ᠶᠠᠩᠵᠤᠳᠠᠢ ᠶᠠᠷᠢᠯ᠎ᠠ᠃

᠊᠊᠊᠊᠊᠊᠊᠊᠊᠊᠊᠊᠊᠊ ᠪᠣᠷᠬᠠᠨ ᠪᠠᠰᠠ ᠪᠢᠰᠢᠯᠠᠭ ᠡᠮᠭᠦᠳᠡᠭ᠌ ᠶᠤᠮ ᠦᠦ︖ ᠭᠡᠵᠤ ᠪᠢᠴᠢᠬᠠᠨ ᠭᠦᠤ ᠭᠡᠮ ᠦᠭᠡᠶ ᠴᠢᠷᠠᠢ᠌ᠯᠠᠨ ᠠᠰᠠᠭᠤᠪᠠᠯ᠄

᠊᠊᠊᠊᠊᠊᠊᠊᠊᠊᠊᠊᠊᠊ ᠳᠡᠭᠡᠯᠭᠦᠢ᠂ ᠠᠮᠳᠠᠳᠠᠢ ᠪᠢᠰᠢᠯᠠᠭ ᠬᠠᠷᠠᠭᠠᠤᠨ ᠠᠷᠠᠭᠠᠨ ᠤ ᠰᠢᠯᠤᠰᠤ ᠨᠢ ᠭᠤᠭᠤᠵᠢᠭᠰᠠᠨ ᠪᠠᠢ᠌ᠯᠭᠦᠢ ᠭᠡᠯ᠎ᠡ᠃

᠊᠊᠊᠊᠊᠊᠊᠊᠊᠊᠊᠊᠊᠊᠊ ᠡᠵᠢ ᠡ᠂ ᠪᠣᠷᠬᠠᠨ ᠭᠦᠮᠤᠨ ᠢ ᠪᠦᠳᠦᠭᠡᠯ᠎ᠡ ᠭᠡᠳᠡᠭ᠌ ᠦᠨᠡᠨ ᠦᠦ︖ ᠭᠡᠵᠤ ᠪᠢᠴᠢᠬᠠᠨ ᠭᠦᠤ ᠲᠦᠪ ᠴᠢᠷᠠᠢ᠌ᠯᠠᠨ ᠠᠰᠠᠭᠤᠨ᠎ᠠ᠃

᠊᠊᠊᠊᠊᠊᠊᠊᠊᠊᠊᠊᠊᠊ ᠦᠨᠡᠨ ᠯᠠ ᠭᠡᠯᠴᠡᠳᠡᠭ᠌᠂ ᠶᠡᠭᠡ ᠡᠷᠳᠡ ᠦᠶ᠎ᠡ ᠳᠤ ᠬᠤᠷᠸ᠎ᠠ ᠳᠤ ᠭᠦᠮᠤᠨ ᠭᠡᠭᠦ ᠠᠮᠢᠳᠠᠨ ᠪᠠᠢ᠌ᠭᠰᠠᠨ ᠦᠭᠡᠶ ᠭᠡᠨ᠎ᠡ᠂ ᠳᠡᠭᠡᠭᠡᠳ ᠪᠣᠷᠬᠠᠨ ᠪᠠᠭᠰᠢ ᠰᠢᠪᠠᠷ ᠨᠤᠬᠤᠵᠤ ᠡᠳᠡᠭᠡᠳ ᠳᠦᠷᠢ ᠲᠡᠶ ᠨᠢᠭᠡ ᠶᠠᠭᠤᠮ᠎ᠠ ᠱᠤᠭᠤᠭᠠᠤᠨ ᠥᠯᠢᠶᠡᠭ᠍ᠰᠡᠨ ᠴᠢᠨᠢ ᠣᠳᠤᠭᠢ ᠶᠢᠨ ᠭᠦᠮᠤᠨ ᠭᠡᠭ᠍ᠴᠢ ᠠᠮᠢᠳᠠᠨ ᠪᠦᠳᠦᠭ᠍ᠰᠡᠨ ᠭᠡᠳᠡᠭ᠌᠃ ᠪᠣᠷᠬᠠᠨ ᠪᠠᠭᠰᠢ ᠴᠠᠴᠠᠨ ᠮᠡᠷᠭᠡᠨ᠂ ᠳᠡᠨᠡᠭ᠌ ᠮᠤᠩᠬᠠᠭ᠂ ᠳᠤᠭᠤᠯᠠᠩ ᠳᠠᠭᠢᠷ᠂ ᠰᠤᠬᠤᠷ ᠲᠦᠯᠠᠢ᠂ ᠥᠩᠭᠡ ᠵᠢᠰᠤ ᠲᠡᠶ᠂ ᠥᠵᠡᠭᠦ ᠶᠢᠨ ᠳᠦᠷᠢ ᠦᠭᠡᠶ᠂ ᠡᠷᠡᠭᠦᠯ ᠰᠠᠷᠠᠭᠤᠯ ᠪᠣᠶᠤ ᠡᠪᠡᠳᠴᠢᠨ ᠡᠮᠭᠡᠭ᠌ ᠲᠡᠶ ᠶᠠᠩᠵᠤ ᠶᠠᠩᠵᠤ ᠶᠢᠨ ᠭᠦᠮᠤᠨ ᠢ ᠪᠦᠳᠦᠭᠡᠭᠦ ᠳᠡᠭᠡᠨ ᠰᠠᠢ᠌ᠨ ᠮᠠᠭᠤ ᠰᠠᠢ᠌ᠬᠠᠨ ᠮᠠᠭᠤᠬᠠᠢ ᠶᠢ ᠭᠦᠮᠤᠨ ᠪᠣᠯᠭᠠᠨ ᠳᠤ ᠳᠡᠭ᠍ᠰᠢ ᠪᠠᠷ ᠵᠡᠷᠭᠡᠴᠡᠭᠦᠯᠤᠨ ᠵᠠᠶᠠᠭᠠᠭᠰᠠᠨ ᠭᠡᠨ᠎ᠡ ᠯᠠᠢ᠂ ᠢᠩᠭᠡᠭᠡᠳ ᠭᠦᠮᠤᠨ ᠤ ᠠᠮᠢᠳᠤᠷᠠᠯ ᠥᠩᠭᠡ ᠥᠩᠭᠡ ᠪᠠᠷ ᠢᠯᠭᠠᠷᠠᠬᠤ ᠪᠣᠯᠤᠭᠰᠠᠨ ᠭᠡᠳᠡᠭ᠌᠃ ᠵᠡᠭᠦᠨ ᠠᠢ᠌ᠯ ᠤᠨ ᠴᠡᠭᠡᠵᠢ ᠰᠠᠢ᠌ᠳᠠᠢ ᠳᠠᠮᠷᠢᠨ ᠡᠪᠦᠭᠡ ᠴᠢᠨᠢ ᠥᠯᠢᠭᠡᠷ ᠰᠠᠢ᠌ᠬᠠᠨ ᠶᠠᠷᠢᠳᠠᠭ ᠪᠣᠯᠪᠠᠴᠤ ᠨᠢᠳᠤ ᠰᠤᠬᠤᠷ᠂ ᠪᠠᠷᠢᠭᠠᠳᠠ ᠶᠢᠨ ᠳᠠᠷᠤᠭ᠎ᠠ ᠳᠤᠯᠭ᠎ᠠ ᠠᠪᠠᠭ᠎ᠠ ᠴᠢᠨᠢ ᠰᠦᠷᠦᠭ᠌ ᠵᠤᠵᠠᠭᠠᠨ ᠳᠠᠩᠰᠤᠭ ᠠᠮᠢᠳᠤᠷᠠᠯ ᠲᠡᠶ ᠴᠤ ᠳᠠᠭᠢᠷ ᠪᠢᠰᠢᠤ︖ ᠭᠦᠤ ᠶᠢᠨ ᠭᠦᠯ ᠢ ᠪᠦᠳᠤᠨ ᠪᠢᠰᠢᠯᠠᠭ ᠲᠡᠶ ᠵᠣᠢ᠌ᠷᠯᠠᠪᠠᠯ ᠡᠵᠢ ᠶᠢᠨ ᠭᠢᠨᠢ ᠰᠠᠶ‍ᠢ ᠶᠢᠨ ᠰᠢᠬᠠᠭᠰᠠᠨ ᠪᠢᠰᠢᠯᠠᠭ ᠤᠨ ᠨᠢᠭᠡ ᠥᠡᠴᠦᠭ᠌ ᠢ ᠪᠣᠷᠬᠠᠨ ᠡᠮᠭᠦᠭ᠍ᠰᠡᠨ ᠰᠢᠭ᠌ ᠮᠢᠨᠤ ᠭᠦᠤ ᠶᠢᠨ ᠵᠡᠭᠦᠨ ᠭᠦᠯ ᠢ ᠴᠤ ᠪᠣᠷᠬᠠᠨ 《ᠡᠮᠭᠦᠭ᠍ᠰᠡᠨ》 ᠶᠤᠮ᠃ ᠳᠡᠭᠡᠭᠡᠳ ᠭᠦᠤ ᠮᠢᠨᠢ ᠳᠤᠭᠤᠯᠠᠩ ᠪᠣᠯᠴᠢᠬᠠᠭᠰᠠᠨ ᠳ᠋ᠠ᠃ ᠭᠡᠳᠥᠢᠪᠠᠷ ᠭᠦᠤ ᠮᠢᠨᠢ ᠳᠤᠭᠤᠯᠠᠩ ᠭᠦᠯ ᠲᠡᠶ ᠵᠠᠶᠠᠭᠠᠭᠳᠠᠭᠰᠠᠨ ᠴᠤ ᠣᠷᠤᠨ ᠳᠤᠨᠢ ᠣᠯᠠᠨ ᠡᠴᠠ ᠭᠡᠳᠥᠢᠳᠦᠭ᠍ᠰᠡᠨ ᠣᠢ ᠪᠢᠯᠢᠭ᠌ ᠲᠡᠶ ᠳᠦᠷᠦᠭ᠍ᠰᠡᠨ ᠰᠢᠤ᠃ ᠭᠦᠤ ᠮᠢᠨᠢ ᠣᠢ ᠪᠢᠯᠢᠭ᠌ ᠲᠡᠭᠡᠨ ᠲᠦᠰᠢᠵᠤ ᠭᠦᠮᠤᠨ ᠤ ᠳᠡᠭᠡᠳᠡᠢ ᠭᠦᠮᠤᠨ ᠪᠣᠯᠵᠤ ᠶᠠᠪᠣᠬᠤ ᠪᠢᠵᠠ ᠭᠡᠳ ᠪᠢᠰᠢᠯᠠᠭ ᠶᠢᠡᠨ ᠳᠦᠷᠪᠠᠯᠵᠢ ᠳᠤ ᠵᠡᠷᠭᠡᠴᠡᠭᠦᠯᠤᠨ ᠳᠠᠯᠪᠢᠯ᠎ᠠ᠃

   ᠊᠊᠊᠊᠊᠊᠊᠊᠊᠊᠊᠊᠊᠊᠊ ᠪᠣᠷᠬᠠᠨ ᠭᠦᠮᠤᠨ ᠪᠣᠯᠭᠠᠨ ᠳᠤ ᠠᠳᠠᠯᠢᠬᠠᠨ ᠬᠠᠠᠳᠤᠳᠠᠭ ᠦᠦ︖ ᠭᠡᠵᠤ ᠪᠢᠴᠢᠬᠠᠨ ᠭᠦᠤ ᠬᠣᠢ᠌ᠮᠤᠷ ᠲᠤ ᠳᠠᠭᠢᠵᠤ ᠪᠠᠢ᠌ᠭ᠎ᠠ ᠪᠣᠷᠬᠠᠨ ᠢ ᠬᠠᠷᠠᠨ ᠠᠰᠠᠭᠤᠪᠠᠯ᠄

   ᠊᠊᠊᠊᠊᠊᠊᠊᠊᠊᠊᠊᠊᠊᠊ ᠠᠳᠠᠯᠢᠬᠠᠨ ᠬᠠᠠᠳᠤᠳᠠᠭ ᠡ᠂ ᠭᠦᠤ ᠮᠢᠨᠢ ᠦᠰᠴᠦ ᠳᠤᠮᠤ ᠪᠣᠯᠪᠠᠯ ᠶᠠᠭᠤ ᠪᠦᠭᠦᠨ ᠢ ᠮᠡᠳᠡᠭᠦ ᠪᠣᠯᠤᠨ᠎ᠠ᠂ ᠵᠠ ᠡᠵᠢ ᠨᠢ ᠰᠢᠬᠠᠭᠰᠠᠨ ᠪᠢᠰᠢᠯᠠᠭ ᠶᠢᠡᠨ ᠬᠠᠳᠠᠭᠠᠶ᠎ᠠ᠂ ᠰᠠᠢ᠌ᠨ ᠬᠠᠷᠠᠬᠤ ᠶᠤᠮ ᠰᠢᠤ᠂ ᠪᠣᠷᠬᠠᠨ ᠠᠯᠢ ᠵᠠᠪ ᠶᠢᠡᠷ ᠨᠢ ᠡᠮᠭᠦᠴᠢᠭᠡᠵᠤ ᠮᠠᠳᠠᠨ᠎ᠡ ᠭᠡᠵᠤ ᠭᠡᠯᠡᠨ᠂ ᠭᠦᠤ ᠶᠢᠨ ᠶᠢᠡᠨ ᠵᠤᠯᠠᠢ ᠶᠢ ᠥᠨᠦᠰᠦᠴᠢᠭᠡᠭᠡᠳ ᠳᠦᠷᠪᠠᠯᠵᠢ ᠲᠡᠶ ᠪᠢᠰᠢᠯᠠᠭ ᠶᠢᠡᠨ ᠠᠪᠴᠤ ᠭᠠᠷᠪᠠᠯ ᠪᠢᠴᠢᠬᠠᠨ ᠭᠦᠤ ᠴᠤ ᠵᠤᠮᠠᠰᠭᠢᠨ ᠢᠨᠢᠶᠠᠵᠤ ᠣᠷᠮ᠎ᠠ ᠲᠡᠶ ᠨᠢ ᠠᠷᠭ᠎ᠠ ᠦᠭᠡᠶ ᠡᠵᠢ ᠪᠠᠨ ᠪᠣᠷᠪᠢᠳᠠᠨ ᠭᠠᠷᠴᠠᠢ᠃


ᠵᠤᠬᠢᠶᠠᠭᠴᠢ ᠶᠢᠨ ᠬᠠ‍‌ᠶᠢᠭ ᠄ ᠣᠷᠠᠤᠨ

ᠵᠤᠬᠢᠶᠠᠭᠴᠢ᠄ ᠬᠠᠯᠳᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6183
ᠴᠠᠭ᠄ 2011 ᠤᠨ ᠤ 01 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ