☆ ᠰ·ᠮᠥᠩᠭᠡᠨᠡᠷᠡᠰᠤ
ᠬᠡᠦᠬᠡᠳ ᠤᠳ ᠮᠢᠨᠢ᠂ ᠳᠠᠭᠤᠤ ᠪᠠᠨ ᠳᠠᠭᠤᠯᠠᠭᠠᠴᠢ
ᠬᠤᠷᠸ᠎ᠠ ᠶᠢᠨ ᠳᠤᠩᠭ᠋ᠠᠯᠠᠭ ᠰᠠᠢ᠌ᠬᠠᠨ ᠢ
ᠬᠤᠶᠠᠷ ᠨᠢᠳᠤᠨ ᠳᠤ ᠪᠠᠨ ᠮᠡᠯᠳᠡᠭᠡᠨᠡᠭᠦᠯᠦᠭ᠍ᠰᠡᠨ
ᠬᠤᠩᠭ᠋ᠤᠷ ᠭᠦᠭᠡᠷᠦᠭᠦᠨ ᠠᠭᠠᠯᠢ ᠪᠠᠷ ᠶᠢᠡᠨ
ᠬᠠᠳᠠᠭᠤ ᠪᠦᠭᠦᠨ ᠢ ᠣᠶᠠᠷᠠᠭᠠᠭᠰᠠᠨ
ᠬᠡᠦᠬᠡᠳ ᠤᠳ ᠮᠢᠨᠢ᠂ ᠳᠠᠭᠤᠤ ᠪᠠᠨ ᠳᠠᠭᠤᠯᠠᠭᠠᠴᠢ
ᠨᠤᠳᠤᠭ ᠡᠷᠢᠭ᠍ᠳᠡᠵᠤ
ᠡᠵᠢ ᠶᠢᠨ ᠪᠦᠪᠠᠢ ᠰᠠᠨᠠᠭᠳᠠᠳᠠᠯᠠ
ᠨᠠᠯᠠᠭᠠᠷᠬᠠᠨ ᠨᠠᠮᠤᠷ ᠤᠨ ᠨᠠᠪᠴᠢᠰ ᠨᠠᠢ᠌ᠭᠤᠨ ᠪᠦᠵᠢᠳᠡᠯᠡ ᠳᠠᠭᠤᠯᠠᠭᠠᠴᠢ
ᠨᠠᠢ᠌ᠷ ᠭᠦᠷ ᠪᠢᠯᠬᠠᠭᠰᠠᠨ
ᠨᠠᠰᠤᠨ ᠪᠠᠭ᠎ᠠ ᠶᠢᠨ ᠳᠤᠷᠠᠳᠬᠠᠯ ᠶᠢᠡᠨ ᠮᠥᠩᠭᠡᠯᠡᠵᠤ
ᠨᠠᠷᠠᠨ ᠵᠥᠭ᠌ ᠤᠨ ᠰᠠᠢ᠌ᠬᠠᠨ ᠭᠦᠰᠡᠯᠡᠩ ᠶᠢᠡᠨ ᠳᠠᠭᠤᠯᠠᠭᠠᠴᠢ
ᠠᠢ᠌ᠷᠠᠭ ᠦᠨᠦᠷᠳᠠᠵᠤ
ᠠᠭᠠᠷ ᠳᠤᠨᠤᠷᠠᠳᠠᠯ᠎ᠠ
ᠠᠶᠠᠯᠭᠤ ᠪᠦᠳᠤᠨ ᠠᠮᠢᠳᠤᠷᠠᠯ ᠶᠢᠠᠨ ᠳᠠᠭᠤᠯᠠᠭᠠᠴᠢ
2010.9.2
ᠵᠤᠬᠢᠶᠠᠭᠴᠢ ᠶᠢᠨ ᠬᠠᠶᠢᠭ᠄ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ
ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2636
ᠴᠠᠭ᠄ 2010 ᠤᠨ ᠤ 09 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ