ᠨᠡᠪᠲᠡᠷᠡᠨ ᠤᠷᠤᠬᠤ
ᠬᠠᠢ᠌ᠷ᠎ᠠ ᠶᠢᠨ ᠭᠤᠤᠯ ᠤᠨ ᠳᠠᠰᠤᠷᠬᠠᠢ ᠭᠦᠭᠦᠷᠭᠡ
᠊᠊᠊᠊᠊᠊᠊᠊᠊᠊᠊᠊᠊᠊᠊ ᠠᠮᠠᠷᠠᠭ ᠨᠢ ᠬᠠᠯᠢᠭᠰᠠᠨ ᠠᠠᠳᠠ ᠳᠡᠭᠦᠦᠳᠡᠢ ᠳ᠋ᠤ

ᠬᠠᠢ᠌ᠷ᠎ᠠ ᠪᠠᠨ ᠣᠷᠭᠢᠭᠠᠤᠨ ᠶᠠᠪᠣᠭᠰᠠᠨ ᠪᠣᠷᠤ ᠳᠤᠭᠤᠰᠤᠨ ᠳ᠋ᠤ

ᠬᠠᠷᠠᠮᠰᠠᠵᠤ ᠪᠠᠶ᠎ᠠ ᠳᠡᠭᠡᠨ ᠪᠣᠤ ᠭᠤᠮᠤᠳᠠ

ᠬᠠᠨᠢ ᠶᠢᠨ ᠵᠠᠶᠠᠭ᠎ᠠ ᠬᠤᠮᠰᠠ ᠪᠣᠯᠪᠠᠴᠤ

ᠬᠠᠯᠠᠭᠤᠨ ᠴᠢᠰᠤ ᠬᠠᠷ᠎ᠠ ᠠᠮᠢ ᠪᠠᠨ ᠲᠦᠰᠢᠵᠤ ᠶᠠᠪᠣ ᠡ ︕


ᠠᠯᠳᠠᠩᠬᠠᠨ ᠨᠠᠰᠤ ᠪᠠᠨ ᠠᠵᠠ ᠵᠢᠷᠭᠠᠯ ᠶᠢᠡᠷ ᠢᠪᠠᠭᠡ

ᠠᠷᠢᠭᠤᠨ ᠰᠡᠳᠭᠢᠯ ᠶᠢᠡᠨ ᠬᠠᠳᠠᠭᠤᠵᠢᠯ ᠰᠠᠷᠠᠮᠵᠢ ᠪᠠᠷ ᠳᠡᠵᠢᠭᠡ

ᠠᠭᠠᠷ ᠳᠡᠯᠡᠭᠡᠢ ᠶᠡᠭᠡ ᠪᠠᠢ᠌ᠭᠠᠯᠢ ᠠᠭᠤᠳᠠᠮ ᠪᠦᠭᠡᠳᠡᠯ᠎ᠡ

ᠠᠰ ᠤᠨ ᠴᠤᠭᠴᠠ ᠪᠠᠨ ᠠᠷᠭᠠᠯ ᠰᠢᠭ ᠪᠣᠤ ᠦᠷᠤ᠃


ᠵᠠᠯᠠᠭᠤ ᠭᠦᠮᠤᠨ ᠤ ᠵᠠᠮ ᠤᠨ ᠭᠦᠵᠦᠭᠦᠤ ᠣᠷᠳᠤ ᠶᠤᠮ ᠡ

ᠵᠢᠭᠠᠯ ᠦᠷ᠎ᠡ ᠪᠠᠨ ᠦᠰᠭᠡᠵᠤ ᠭᠦᠮᠦᠵᠢᠭᠦᠯᠭᠦ ᠶᠢ ᠦᠷᠤᠴᠠᠨ ᠳᠤ ᠪᠠᠨ ᠰᠠᠢ᠌ᠯ

ᠵᠠᠭᠠᠯ ᠪᠣᠭᠤᠷᠤᠯ ᠪᠣᠯᠳᠠᠯ᠎ᠠ ᠦᠷᠭᠡᠰᠤ ᠰᠤᠠᠳᠤᠤᠯᠠ ᠲᠤᠬᠢᠶᠠᠯᠳᠤᠬᠤ ᠯᠠ ᠶᠤᠮ

ᠵᠢᠷᠦᠭᠡᠨ ᠰᠢᠠᠳᠠᠰᠤ ᠪᠠᠨ ᠴᠢᠩᠭ᠋ᠠᠯᠠᠵᠤ ᠵᠢᠳᠭᠦᠨ ᠮᠠᠬᠠᠷᠠᠬᠤ ᠨᠢ ᠴᠢᠬᠤᠯᠠ᠃


ᠠᠮᠠᠷᠠᠭ ᠰᠡᠳᠭᠢᠯ ᠳᠤ ᠬᠤᠯᠪᠣᠭ᠎ᠠ ᠳᠠᠰᠤᠷᠬᠠᠢ

ᠠᠠᠳᠠ ᠨᠠᠢ᠌ᠵᠠ ᠳᠤ ᠵᠢᠷᠤᠮ ᠳᠤᠰᠠᠯᠠᠩᠬᠠᠢ

ᠠᠶᠠᠭ᠎ᠠ ᠰᠥ᠋ ᠪᠠᠢ᠌ᠳᠠᠭ ᠯᠠ ᠶᠤᠮ ᠪᠣᠯ

ᠠᠯᠳᠠᠨ ᠬᠤᠷᠸ᠎ᠠ ᠪᠦᠯᠢᠶᠡᠭᠡᠨ ᠶᠤᠮ ᠡ ᠳᠡᠭᠦᠦᠳᠡᠢ ᠮᠢᠨᠢ ︕


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2742
ᠴᠠᠭ᠄ 2013 ᠤᠨ ᠤ 03 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ