ᠨᠡᠪᠲᠡᠷᠡᠨ ᠤᠷᠤᠬᠤ
ᠠᠢ ᠭᠦᠭᠡᠷᠦᠭᠦᠢ ᠡᠨᠡ ᠴᠠᠭ

ᠠᠩ ᠦᠭᠡᠶ ᠭᠡᠷᠡᠮ ᠤᠨ ᠵᠠᠪᠰᠠᠷ ᠳᠤ

ᠠᠩᠭᠢ ᠲᠡᠶ ᠰᠢᠷᠦᠭᠦᠨ ᠲ᠋ᠡᠮᠡᠴᠡᠯ ᠵᠢᠷᠤᠭᠯᠠᠨ᠎ᠠ

ᠭᠡᠮ ᠶᠢᠡᠨ ᠠᠯᠳᠠᠭᠰᠠᠨ ᠪᠣᠳᠤᠯ ᠤᠨ ᠡᠷᠦᠳᠡᠰᠤ

ᠭᠡᠮᠳᠡᠢ ᠶᠤᠰᠤ ᠶᠢ ᠴᠢᠰᠤ ᠦᠭᠡᠶ ᠳᠠᠯᠭᠢᠨ᠎ᠠ

ᠭᠦᠭᠡᠷᠦᠭᠦᠢ ᠰᠢᠳᠤᠷᠭᠤ ᠠᠷᠠᠤᠨ ᠵᠢᠠᠨ

ᠭᠦᠮᠤᠨ ᠤ ᠬᠤᠷᠸ᠎ᠠ ᠳᠤ ᠬᠤᠤᠰ ᠥᠭᠡᠢ

ᠭᠦᠷᠦᠰᠦᠳᠤ ᠳᠡᠯᠡᠭᠡᠢ ᠳᠤ ᠳᠤᠭᠯᠠᠬᠤ

ᠭᠦᠰᠡᠯᠡᠩ ᠤᠨ ᠵᠡᠭᠦᠳᠤ ᠪᠠᠷ ᠪᠠᠶᠠᠰᠬᠠᠨ᠎ᠠ

ᠣᠷᠤᠰᠬᠤ ᠣᠰᠤᠨ ᠳᠤ ᠳᠤᠭᠳᠠᠬᠤ ᠥᠭᠡᠢ

ᠥᠶᠡᠯᠡᠭᠦ ᠴᠠᠭ ᠤᠨ ᠣᠷᠤᠰᠬᠠᠯᠳᠤ ᠳᠠᠭᠤᠤ

ᠵᠢᠷᠦᠭᠡ ᠰᠡᠳᠭᠢᠯ ᠳᠤ ᠣᠷᠤᠬᠤ ᠦᠭᠡᠶ

ᠵᠡᠷᠭᠡᠯᠭᠡᠨ ᠵᠠᠢ᠌ᠳᠠᠯᠠᠭᠰᠠᠨ ᠵᠡᠭᠦᠳᠤ ᠰᠢᠭ᠌

ᠴᠠᠭ ᠤᠨ ᠥᠩᠭᠡ ᠪᠠᠷ ᠬᠣᠢ᠌ᠯᠠᠷᠠᠭᠰᠠᠨ

ᠴᠠᠮᠬᠠᠭ ᠤᠨ ᠣᠯᠠᠭᠠᠨ ᠳᠤᠭᠤᠰᠤ

ᠭᠡᠭᠡᠷ᠎ᠡ ᠵᠡᠯᠡᠯᠡᠭᠦ ᠰᠠᠯᠭᠢ ᠰᠢᠭ

ᠭᠡᠯᠪᠠᠷᠢ ᠳᠦᠷᠰᠤ ᠦᠭᠡᠶ ᠭᠡᠢ᠌ᠰᠦᠨ᠎ᠡ

ᠳᠦᠷᠤ ᠶᠢᠨ ᠶᠤᠰᠤᠨ ᠤ ᠳᠦᠰᠢᠭ᠌ ᠭᠡᠵᠤ

ᠲᠦᠮᠡᠨ ᠠᠷᠠᠤᠨ ᠶᠢᠡᠨ ᠰᠢᠨᠠᠯᠭᠠᠨ᠎ᠠ

ᠵᠢᠷᠤᠮ ᠶᠢᠡᠨ ᠠᠯᠳᠠᠭᠰᠠᠨ ᠨᠡᠢ᠌ᠭᠡᠮ ᠤᠨ

ᠵᠢᠷᠦᠭᠡ ᠶᠢ ᠨᠢ ᠳᠤᠭᠰᠢᠭᠰᠠᠨ ᠳᠤᠭᠰᠢᠨ ᠰᠠᠯᠭᠢᠨ ᠳ᠋ᠤ

ᠵᠢᠳᠭᠦᠵᠤ ᠶᠠᠪᠣᠭᠰᠠᠨ ᠨᠤᠮᠤᠬᠠᠨ ᠠᠷᠠᠤᠨ ᠨᠢ

ᠵᠡᠭᠦᠷᠮᠡᠭ᠌ ᠡᠷᠯᠢᠭ᠌ ᠤᠨ ᠡᠭᠦᠳᠡ ᠶᠢ ᠳᠤᠭᠰᠢᠨ᠎ᠠ

ᠵᠠᠰᠠᠭ ᠤᠨ ᠬᠤᠳᠤᠭᠤᠷ ᠶᠢᠡᠨ ᠳᠡᠭ᠍ᠰᠢᠯᠡᠭᠦ ᠥᠭᠡᠢ

ᠵᠠᠮ ᠤᠨ ᠡᠭᠦᠳᠡ ᠶᠢ ᠳᠦᠭ᠍ᠵᠢᠨ᠎ᠡ

ᠢᠳᠡᠭᠡᠯ ᠵᠢᠷᠤᠮ ᠶᠢᠡᠨ ᠳᠠᠶᠠᠭᠳᠠᠭᠰᠠᠭᠠᠷ

ᠶ‍ᠢᠷᠳᠢᠠᠴᠤ ᠶᠢᠨ ᠪᠣᠯᠪᠠᠰᠤᠨ ᠡᠴᠡ ᠬᠤᠴᠤᠷᠤᠨ᠎ᠠ

ᠠᠢ ᠭᠦᠭᠡᠷᠦᠭᠦᠢ ᠡᠨᠡ ᠴᠠᠭ

ᠡᠷᠭᠡ ᠶᠢᠨ ᠳᠠᠷᠨᠢ ᠪᠠᠷ ᠣᠷᠴᠢᠬᠤ ᠴᠠᠭ ᠢ ᠨᠥᠭ᠍ᠴᠢᠭᠡᠨ᠎ᠡ

ᠠᠰᠢᠳᠠ ᠶᠢᠨ ᠭᠦᠰᠡᠯ ᠶᠢᠡᠷ ᠵᠠᠰᠠᠭ ᠶᠢᠡᠨ ᠵᠠᠰᠠᠨ᠎ᠠ

ᠡᠷᠭᠡ ᠬᠠᠷᠠᠭᠰᠠᠨ ᠬᠠᠤᠯᠢ ᠪᠠᠷ ᠡᠭᠦᠳᠡ ᠪᠠᠨ ᠰᠠᠭᠢᠨ᠎ᠠ

ᠠᠯᠠᠭ ᠪᠣᠱᠤᠭ᠎ᠠ ᠪᠠᠨ ᠠᠯᠳᠠ ᠪᠠᠷ ᠭᠠᠳᠠᠷᠯᠠᠨ᠎ᠠ

ᠠᠢ ᠭᠦᠭᠡᠷᠦᠭᠦᠢ ᠡᠨᠡ ᠴᠠᠭ

ᠡᠷᠭᠡ ᠶᠢᠨ ᠰᠠᠭᠤᠷᠢ ᠵᠦᠪ ᠶᠢᠡᠷ ᠡᠷᠭᠢᠭ᠍ᠰᠡᠭᠡᠷ

ᠡᠭᠡ ᠪᠠᠢ᠌ᠭᠠᠯᠢ ᠨᠤᠭᠤᠭᠠᠨ ᠶᠢᠡᠷ ᠠᠮᠢᠰᠬᠤᠬᠠᠨ᠎ᠠ

ᠡᠭᠡ ᠣᠷᠤᠨ ᠳᠠᠢ᠌ᠪᠣᠩ ᠶᠢᠡᠷ ᠣᠷᠤᠰᠢᠭᠰᠠᠭᠠᠷ

ᠡᠩᠬᠡ ᠠᠮᠢᠳᠤᠷᠠᠯ ᠵᠢᠷᠭᠠᠯ ᠶᠢᠡᠷ ᠮᠦᠰᠢᠶᠠᠨ᠎ᠠ


                2014.3.6


ᠵᠤᠬᠢᠶᠠᠭᠴᠢ ᠶᠢᠨ ᠬᠠ‍‌ᠶᠢᠭ ᠄ ᠪᠠᠶᠠᠠᠨᠠᠭᠤᠷ ᠬᠤᠳᠠ ᠶᠢᠨ ᠰᠤᠷᠭᠠᠨ ᠭᠦᠮᠦᠵᠢᠯ ᠤᠨ ᠳᠤᠪᠴᠢᠶ᠎ᠠ

ᠵᠤᠬᠢᠶᠠᠭᠴᠢ᠄ ᠭᠦᠭ᠍ᠵᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 13058
ᠴᠠᠭ᠄ 2014 ᠤᠨ ᠤ 03 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ