☆ ᠤᠳᠦᠡᠭᠦ᠋ᠤ
ᠭᠦᠭᠡ ᠳᠡᠭ᠍ᠷᠢ ᠲᠤ ᠪᠠᠨ ᠳᠠᠭᠠᠳᠬᠠᠶ᠎ᠠ
ᠳᠠᠯ᠎ᠠ ᠨᠤᠳᠤᠭ ᠮᠢᠨᠢ ᠦᠨᠢᠷ ᠪᠠᠶᠠᠨ ᠪᠠᠢ᠌ᠬᠤ ᠶᠢ ᠳᠠᠭᠠᠳᠬᠠᠶ᠎ᠠ
ᠳᠠᠪᠤᠨ ᠬᠤᠰᠢᠭᠤ ᠮᠠᠯ ᠮᠢᠨᠢ ᠳᠠᠷᠭᠤ ᠭᠦᠴᠤ ᠲᠡᠶ ᠪᠠᠢ᠌ᠬᠤ ᠶᠢ ᠳᠠᠭᠠᠳᠬᠠᠶ᠎ᠠ
ᠳᠠᠷᠠᠭ ᠠᠢ᠌ᠷᠠᠭ ᠦᠣᠡᠭᠡᠷᠡᠵᠤ ᠪᠠᠢ᠌ᠬᠤ ᠶᠢ ᠳᠠᠭᠠᠳᠬᠠᠶ᠎ᠠ
ᠳᠠᠨ᠎ᠠ ᠮᠠᠨᠠᠢ᠌ᠭᠢ ᠨᠠᠢ᠌ᠷᠰᠠᠭ ᠶᠠᠪᠣᠯᠴᠠᠬᠤ ᠶᠢ ᠳᠠᠭᠠᠳᠬᠠᠶ᠎ᠠ
ᠠᠭᠤᠯᠠ ᠬᠠᠢ᠌ᠷᠬᠠᠨ ᠮᠢᠨᠢ ᠭᠦᠷᠦᠭᠡᠰᠤ ᠲᠡᠶ ᠪᠠᠢ᠌ᠬᠤ ᠶᠢ ᠳᠠᠭᠠᠳᠬᠠᠶ᠎ᠠ
ᠠᠭᠤᠳᠠᠮ ᠳᠠᠯ᠎ᠠ ᠮᠢᠨᠢ ᠨᠤᠭᠤᠭᠠᠨ ᠶᠢᠡᠷ ᠶᠢᠡᠨ ᠪᠠᠢ᠌ᠬᠤ ᠶᠢ ᠳᠠᠭᠠᠳᠬᠠᠶ᠎ᠠ
ᠣᠰᠤ ᠭᠤᠤᠯ ᠮᠢᠨᠢ ᠳᠤᠩᠭ᠋ᠠᠯᠠᠭ ᠪᠠᠢ᠌ᠬᠤ ᠶᠢ ᠳᠠᠭᠠᠳᠬᠠᠶ᠎ᠠ
ᠣᠷᠭᠤᠮᠠᠯ ᠡᠪᠠᠰᠤ ᠨᠢ ᠰᠢᠮᠡᠯᠢᠭ᠌ ᠪᠠᠢ᠌ᠬᠤ ᠶᠢ ᠳᠠᠭᠠᠳᠬᠠᠶ᠎ᠠ
ᠮᠠᠯ ᠰᠦᠷᠦᠭ᠌ ᠶᠢᠡᠨ ᠠᠷᠠᠴᠢᠯᠠᠵᠤ ᠥᠰᠭᠡᠭᠦ ᠶᠢ ᠳᠠᠭᠠᠳᠬᠠᠶ᠎ᠠ
ᠮᠠᠨᠠᠨ ᠭᠦᠭᠦᠷ ᠶᠢᠡᠨ ᠰᠤᠯᠢᠯᠴᠠᠵᠤ ᠶᠠᠪᠣᠬᠤ ᠶᠢ ᠳᠠᠭᠠᠳᠬᠠᠶ᠎ᠠ
ᠮᠢᠬ᠎ᠠ ᠱᠦᠯᠦ ᠪᠠᠷ ᠶᠢᠡᠨ ᠳᠠᠢ᠌ᠯᠠᠵᠤ ᠶᠠᠪᠣᠬᠤ ᠶᠢ ᠳᠠᠭᠠᠳᠬᠠᠶ᠎ᠠ
ᠮᠠᠩᠬᠠᠨ ᠨᠤᠳᠤᠭ ᠶᠢᠡᠨ ᠬᠠᠢ᠌ᠷᠯᠠᠵᠤ ᠶᠠᠪᠣᠬᠤ ᠶᠢ᠌ ᠳᠠᠭᠠᠳᠬᠠᠶ᠎ᠠ
ᠬᠤᠪᠳᠤᠭ ᠰᠠᠨᠠᠭ᠎ᠠ ᠭᠡᠴᠡᠭᠦᠳᠡᠭᠦ ᠦᠭᠡᠶ ᠪᠠᠢ᠌ᠬᠤ ᠶᠢ ᠳᠠᠭᠠᠳᠬᠠᠶ᠎ᠠ
ᠬᠤᠳᠠᠯ ᠬᠤᠯᠠᠭᠠᠢ ᠣᠯᠠᠰᠢᠷᠠᠬᠤ ᠦᠭᠡᠶ ᠪᠠᠢ᠌ᠬᠤ ᠶᠢ ᠳᠠᠭᠠᠳᠬᠠᠶ᠎ᠠ
ᠭᠦᠮᠤᠨ ᠤ ᠮᠦᠰᠤ ᠳᠤᠷᠣᠢ᠌ᠳᠠᠬᠤ ᠦᠭᠡᠶ ᠪᠠᠢ᠌ᠬᠤ ᠶᠢ ᠳᠠᠭᠠᠳᠬᠠᠶ᠎ᠠ
ᠭᠦᠮᠦᠯᠢᠭ᠌ ᠦᠵᠡᠯ ᠣᠷᠤᠭᠤᠳᠠᠬᠤ ᠦᠭᠡᠶ ᠪᠠᠢ᠌ᠬᠤ ᠶᠢ ᠳᠠᠭᠠᠳᠬᠠᠶ᠎ᠠ
ᠨᠡᠭᠦᠳᠡᠯ ᠤᠨ ᠴᠤᠪᠣᠭ᠎ᠠ ᠳᠠᠰᠤᠷᠠᠬᠤ ᠦᠭᠡᠶ ᠪᠠᠢ᠌ᠬᠤ ᠶᠢ ᠳᠠᠭᠠᠳᠬᠠᠶ᠎ᠠ
ᠨᠢᠭᠦᠯ ᠤᠨ ᠰᠠᠪᠠᠷ ᠬᠤᠷᠴᠠᠳᠬᠤ ᠦᠭᠡᠶ ᠪᠠᠢ᠌ᠬᠤ ᠶᠢ ᠳᠠᠭᠠᠳᠬᠠᠶ᠎ᠠ
ᠨᠠᠭᠤᠷ ᠤᠨ ᠰᠢᠪᠠᠭᠤ ᠣᠯᠠᠨ ᠪᠠᠢ᠌ᠬᠤ ᠶᠢ ᠳᠠᠭᠠᠳᠬᠠᠶ᠎ᠠ
ᠨᠠᠰᠤᠳᠠᠨ ᠪᠣᠭᠤᠷᠤᠯᠴᠤᠳ ᠶᠢᠡᠨ ᠭᠦᠡᠳᠦᠯᠡᠵᠤ ᠶᠠᠪᠣᠬᠤ ᠶᠢ ᠳᠠᠭᠠᠳᠬᠠᠶ᠎ᠠ
ᠮᠤᠩᠭ᠋ᠤᠯ ᠠᠮᠢᠳᠤᠷᠠᠯ ᠮᠢᠨᠢ ᠪᠠᠶᠠᠨ ᠪᠠᠢ᠌ᠬᠤ ᠶᠢ ᠳᠠᠭᠠᠳᠬᠠᠶ᠎ᠠ
ᠮᠤᠩᠭ᠋ᠤᠯ ᠮᠤᠷᠢ ᠮᠢᠨᠢ ᠵᠢᠷᠤᠭ᠎ᠠ ᠪᠠᠢ᠌ᠬᠤ ᠶᠢ ᠳᠠᠭᠠᠳᠬᠠᠶ᠎ᠠ
ᠮᠤᠩᠭ᠋ᠤᠯ ᠰᠤᠶᠤᠯ ᠮᠢᠨᠢ ᠮᠥᠩᠭᠡ ᠣᠷᠤᠰᠢᠬᠤ ᠶᠢ ᠳᠠᠭᠠᠳᠬᠠᠶ᠎ᠠ
ᠮᠤᠩᠭ᠋ᠤᠯᠴᠤᠳ ᠮᠢᠨᠢ ᠮᠠᠠᠳᠤᠵᠤ ᠶᠠᠪᠣᠬᠤ ᠶᠢ ᠳᠠᠭᠠᠳᠬᠠᠶ᠎ᠠ︕
ᠵᠤᠬᠢᠶᠠᠭᠴᠢ ᠶᠢᠨ ᠬᠠᠶᠢᠭ ᠄ ᠬᠦᠬᠡᠨᠠᠭᠤᠷ ᠤᠨ ᠦᠨᠳᠦᠰᠦᠳᠠᠨ ᠤ ᠶᠡᠭᠡ ᠰᠤᠷᠭᠠᠭᠤᠯᠢ ᠶᠢᠨ ᠮᠤᠩᠭ᠋ᠤᠯ ᠰᠠᠯᠪᠣᠷᠢ ᠵᠢᠨ 10 ᠣᠨ ᠤ ᠣᠶᠤᠳᠠᠨ
ᠵᠤᠬᠢᠶᠠᠭᠴᠢ᠄ ᠤᠳᠦᠡᠭᠦ᠋ᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2639
ᠴᠠᠭ᠄ 2011 ᠤᠨ ᠤ 04 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ