ᠨᠡᠪᠲᠡᠷᠡᠨ ᠤᠷᠤᠬᠤ
ᠠᠳᠠᠭᠠᠷᠬᠠᠯ ᠨᠠᠮ᠎ᠠ ᠶᠢ ᠳᠤᠭᠤᠭᠢᠯᠠᠵᠤ ᠪᠠᠢ᠌ᠨ᠎ᠠ

ᠣᠰᠤᠯ ᠪᠣᠷᠤᠭᠤ ᠬᠤᠶᠠᠷ ᠶᠢᠡᠨ ᠬᠠᠢ᠌ᠬᠤᠷᠳᠠᠭ ᠦᠭᠡᠶ ᠴᠤ

ᠣᠨᠤᠭ᠎ᠠ ᠬᠤᠠᠵᠢᠭ᠎ᠠ ᠬᠤᠶᠠᠷ ᠶᠢᠡᠨ ᠴᠢᠮᠠᠯᠠᠳᠠᠭ ᠭᠡᠵᠤ

ᠠᠮᠵᠢᠯᠳᠠ ᠳᠤ ᠪᠠᠨ ᠪᠠᠷᠳᠠᠮ

ᠠᠯᠳᠠᠭ᠎ᠠ ᠳᠤ ᠪᠠᠨ ᠰᠢᠯᠳᠠᠭ ᠭᠡᠵᠤ

ᠠᠳᠠᠭᠠᠷᠬᠠᠯ ᠨᠠᠮ᠎ᠠ ᠶᠢ ᠳᠤᠭᠤᠭᠢᠯᠠᠵᠤ ᠪᠠᠢ᠌ᠨ᠎ᠠ ᠁

ᠠᠬᠠᠳᠠᠵᠤ ᠳᠤᠮᠤᠷᠠᠭᠰᠠᠭᠠᠷ

ᠠᠭᠤᠯᠠ ᠪᠣᠯᠵᠤ ᠨᠠᠮ᠎ᠠ ᠶᠢ ᠬᠠᠰᠢᠵᠤ ᠪᠠᠢ᠌ᠨ᠎ᠠ

ᠰᠠᠷᠠᠭᠤᠯ ᠵᠠᠮ ᠴᠠᠭᠠᠨ᠎ᠠ ᠴᠢᠨᠢ ᠪᠣᠢ᠂ ᠳᠠᠪᠠᠭᠠᠤᠨ ᠭᠠᠷ

ᠰᠠᠨᠠᠭᠰᠠᠨ ᠢ ᠴᠢᠨᠢ ᠪᠦᠳᠦᠭᠡᠭᠦ ᠴᠢᠠᠳᠠᠮᠤᠨᠢ ᠡᠷᠳᠡᠨᠢ ᠴᠤ ᠪᠣᠢ ᠭᠡᠯ᠎ᠡ᠃

ᠴᠠᠰᠤ ᠶᠢ ᠨᠢ ᠱᠠᠵᠢᠭᠢᠨᠠᠭᠤᠯᠵᠤ ᠪᠢ ᠭᠦᠴᠢᠷᠳᠡᠨ ᠮᠠᠴᠤᠪᠠ

ᠴᠠᠭᠠᠨ ᠭᠦᠷᠮ᠎ᠡ ᠨᠥᠮᠦᠷᠦᠭ᠍ᠰᠡᠨ ᠮᠤᠳᠤᠳ ᠨᠢᠷᠤᠭᠤ ᠨᠢ ᠨᠢᠭᠡᠯᠡ ᠭᠡᠳᠡᠭᠡᠷ ᠊᠊᠊᠊᠊᠊᠊᠊᠊᠊᠊᠊᠊᠊᠊

ᠴᠠᠩᠭ᠋ᠠᠭ᠎ᠠ ᠪᠠᠨ ᠳᠠᠢ᠌ᠯᠵᠤ ᠪᠠᠢ᠌ᠨ᠎ᠠ

ᠴᠠᠰᠤ ᠮᠠᠨ ᠳᠤ ᠳᠠᠷᠤᠯᠳᠠ ᠪᠣᠯᠬᠤ ᠦᠭᠡᠶ ᠯᠠ ᠭᠡᠨ᠎ᠡ

ᠭᠦᠮᠤᠨ ᠳᠡᠷᠢᠭᠦᠳᠡᠨ ᠴᠢᠮᠠᠳᠤ ᠶᠠᠭᠤ ᠳᠠᠷᠤᠯᠳᠠ ᠪᠣᠯᠤᠭ᠎ᠠ ᠪᠣᠢ

ᠭᠦᠰᠡᠯ ᠪᠣᠳᠤᠯ ᠢ ᠴᠢᠨᠢ ᠶᠠᠭᠤ ᠬᠠᠯᠬᠠᠯᠠᠭᠰᠠᠨ ᠪᠣᠢ ᠭᠡᠨ᠎ᠡ᠃

ᠠᠳᠠᠭᠠᠷᠬᠠᠯ ᠨᠠᠮ᠎ᠠ ᠶᠢ ᠳᠤᠭᠤᠭᠢᠯᠠᠵᠤ ᠢᠨᠢᠶᠠᠨ᠎ᠡ ᠁

ᠬᠠᠷᠠᠭᠠᠨ ᠤ ᠥᠵᠦᠭᠦᠷ ᠬᠠᠷᠠᠭᠳᠠᠬᠤ ᠴᠤ ᠰᠢᠭ

ᠬᠠᠨ᠎ᠠ ᠶᠢᠨ ᠨᠢᠳᠤ ᠪᠠᠷ ᠱᠠᠭᠠᠢ᠌ᠬᠤ ᠴᠤ ᠰᠢᠭ

ᠬᠠᠶᠠ ᠢᠯᠠ

ᠬᠠᠶᠠ ᠳᠠᠯᠳᠠ ᠨᠢᠭᠤᠯᠴᠠᠵᠤ ᠳᠤᠭᠯᠠᠨ᠎ᠠ

ᠣᠴᠢᠷ ᠢ ᠮᠡᠳᠡᠭ᠍ᠰᠡᠨ ᠮᠤᠳᠤᠳ ᠢᠨᠢᠶᠡᠴᠢᠭᠡᠭᠡᠳ

ᠠᠭᠤᠳᠠᠮᠴᠢ᠂ ᠦᠨᠡᠠᠴᠢ ᠬᠤᠶᠠᠷ ᠵᠢᠭᠦᠷ ᠶᠢᠡᠨ ᠳᠡᠯᠭᠡ

ᠠᠭᠤᠯᠠ ᠶᠢ ᠴᠢ ᠳᠠᠪᠠᠬᠤ ᠴᠢᠬᠤᠯᠠ ᠦᠭᠡᠶ

ᠨᠢᠰᠦᠭᠡᠳ ᠥᠩᠭᠡᠷᠡᠴᠢᠭᠡᠨ᠎ᠡ ᠭᠡᠯ᠎ᠡ᠃

ᠣᠤᠯ ᠨᠢ ᠨᠠᠳᠠᠳᠤ ᠵᠢᠭᠦᠷ ᠲᠡᠶ ᠯᠠ ᠪᠠᠢ᠌ᠵᠠᠢ

ᠠᠭᠤᠯᠠ ᠨᠢ ᠮᠢᠨᠤ ᠴᠡᠭᠡᠵᠢ ᠴᠢᠨᠡᠭᠡ ᠯᠠ ᠪᠠᠢ᠌ᠵᠠᠢ︕


2010.8.2


ᠵᠤᠬᠢᠶᠠᠭᠴᠢ ᠶᠢᠨ ᠬᠠᠶ‍ᠢᠭ᠄ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠰ·ᠮᠥᠡᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2637
ᠴᠠᠭ᠄ 2010 ᠤᠨ ᠤ 08 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ