☆ ᠵᠢᠯᠠᠮ·ᠮᠠᠠᠳᠤᠪᠠᠶᠠᠷ
ᠪᠣᠳᠤᠷᠤᠤᠯ
ᠠᠪᠣ ᠶᠢᠨ ᠳᠤᠬᠠᠢ ᠰᠢᠯᠦᠭ᠌ ᠢ
ᠠᠯᠳᠠᠯ ᠦᠭᠡᠶ ᠣᠯᠠᠨ ᠣᠩᠰᠢᠯ᠎ᠠ ᠴᠤ
ᠢᠷᠠᠭᠤ ᠨᠠᠢ᠌ᠷᠠᠭ ᠤᠨ ᠪᠠᠳᠠᠭ ᠤᠳ ᠰᠢᠭ᠌ ᠨᠢ
ᠠᠰᠠᠷᠠᠵᠤ ᠴᠢᠳᠠᠭᠰᠠᠨ ᠨᠢ ᠬᠠᠮᠢᠭ᠎ᠠ ᠪᠠᠢ᠌ᠨᠠᠮ᠂
ᠡᠵᠢ ᠶᠢᠨ ᠳᠤᠬᠠᠢ ᠳᠠᠭᠤᠤ ᠨᠤᠭᠤᠳ ᠢ
ᠡᠭ᠍ᠰᠢᠳᠡᠯᠡ ᠣᠯᠠᠨ ᠳᠠᠭᠤᠯᠠᠯ᠎ᠠ ᠴᠤ
ᠦᠨᠡᠨ ᠳᠠᠷᠠ ᠳᠠᠭᠤᠯᠠᠯ ᠰᠢᠭ ᠨᠢ
ᠡᠨᠡᠷᠢᠵᠤ ᠴᠢᠳᠠᠭᠰᠠᠨ ᠨᠢ ᠬᠠᠮᠢᠭ᠎ᠠ ᠪᠠᠢ᠌ᠨᠠᠮ
ᠬᠤᠯᠠ᠂ ᠬᠤᠯᠠ ᠭᠡᠵᠤ ᠪᠣᠳᠤᠭᠰᠠᠨ ᠴᠤ
ᠬᠤᠯᠠ ᠶᠠᠪᠣᠭᠰᠠᠨ ᠨᠢ ᠬᠠᠮᠢᠭ᠎ᠠ ᠪᠠᠢ᠌ᠨᠠᠮ᠂
ᠬᠤᠷᠸ᠎ᠠ ᠶᠢᠨ ᠭᠡᠰᠡᠭ᠍ᠭᠡᠨ ᠵᠠᠢ
ᠭᠦᠳᠡᠭᠡ ᠨᠤᠳᠤᠭ ᠳᠠᠭᠠᠨ ᠯᠠ ᠡᠷᠭᠢᠯᠳᠦᠨᠡᠮ᠂
ᠦᠨᠳᠦᠷ ᠲᠤ᠂ ᠦᠨᠳᠦᠷ ᠲᠤ ᠭᠡᠵᠤ ᠰᠠᠨᠠᠭᠰᠠᠨ ᠴᠤ
ᠦᠨᠳᠦᠷ ᠲᠤ ᠭᠠᠷᠤᠭᠰᠠᠨ ᠨᠢ ᠬᠠᠮᠢᠭ᠎ᠠ ᠪᠠᠢ᠌ᠨᠠᠮ᠂
ᠣᠷᠭᠢᠯ ᠪᠣᠷᠭᠢᠯ ᠬᠠᠢ᠌ᠷᠬᠠᠨ ᠤ
ᠦᠯᠮᠡᠢ ᠳ᠋ᠤᠨᠢ ᠭᠦᠷᠦᠭᠡ ᠦᠭᠡᠶ ᠳᠠᠢ᠌ᠴᠢᠯᠠᠨᠠᠮ︕
2010.11
ᠵᠤᠬᠢᠶᠠᠭᠴᠢ ᠶᠢᠨ ᠬᠠᠶᠢᠭ ᠄ ᠰᠢᠯᠢ ᠶᠢᠨ ᠭᠤᠤᠯ ᠠᠢ᠌ᠮᠠᠭ ᠤᠨ ᠰᠢᠯᠤᠭᠤᠨ ᠭᠦᠭᠡ ᠬᠤᠰᠢᠭᠤ
ᠵᠤᠬᠢᠶᠠᠭᠴᠢ᠄ ᠵᠢᠯᠠᠮ·ᠮᠠᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2011 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ