ᠨᠡᠪᠲᠡᠷᠡᠨ ᠤᠷᠤᠬᠤ
ᠬᠠᠤᠯᠢ ᠡᠴᠡ ᠰᠡᠳᠭᠢᠭ᠍ᠳᠡᠭ᠍ᠰᠡᠨ ᠵᠣᠢ᠌ᠯᠠᠰ

1᠂ ᠬᠠᠤᠯᠢ ᠪᠠ ᠭᠠᠤᠯᠢ


ᠬᠠᠤᠯᠢ ᠶᠢ ᠭᠠᠤᠯᠢ ᠲᠡᠶ ᠭᠡᠯᠡᠯᠴᠡᠰᠢ ᠦᠭᠡᠶ ᠬᠠᠳᠠᠭᠤ ᠶᠠᠭᠤᠮ᠎ᠠ ᠭᠡᠵᠤ

ᠬᠠᠤᠯᠢ ᠶᠢᠨ ᠳᠤᠬᠠᠢ ᠭᠦᠮᠦᠰ ᠤᠨ ᠭᠡᠯᠡᠯᠴᠡᠭᠡ ᠨᠢ ᠦᠨᠡᠨ ᠦᠦ ︖

ᠬᠠᠤᠯᠢ᠂ ᠭᠠᠤᠯᠢ ᠪᠢᠰᠢ ᠬᠠᠤᠯᠢ ᠪᠣᠯᠤᠭᠰᠠᠨ ᠤ ᠬᠤᠪᠢ ᠳ᠋ᠤ

ᠭᠠᠤᠯᠢ ᠡᠴᠡ ᠬᠠᠳᠠᠭᠤ ᠪᠠᠢ᠌ᠬᠤ ᠳᠠᠭᠠᠨ ᠳᠠᠭᠠᠷᠠᠨ᠎ᠠ᠃

ᠬᠠᠤᠯᠢ ᠭᠡᠪᠠᠴᠤ ᠵᠠᠷᠢᠮ ᠳᠠᠭᠠᠨ ᠭᠠᠤᠯᠢ ᠪᠣᠯᠴᠢᠬᠠᠳᠠᠭ ᠢ ᠶᠠᠭᠠᠭᠢᠨ᠎ᠠ

ᠭᠠᠤᠯᠢ ᠴᠤ ᠵᠠᠷᠢᠮ ᠳᠠᠭᠠᠨ ᠬᠠᠤᠯᠢ ᠪᠣᠯᠴᠢᠬᠠᠳᠠᠭ ᠢ ᠶᠠᠭᠠᠭᠢᠨ᠎ᠠ

ᠬᠠᠤᠯᠢ ᠭᠠᠤᠯᠢ ᠶᠢᠨ ᠴᠢᠳᠠᠪᠭᠢ ᠰᠤᠯᠢᠭᠳᠠᠭᠰᠠᠨ ᠨᠢ ᠶᠠᠭᠤᠨ ᠡᠴᠡ ᠪᠣᠯᠪᠠ ︖

ᠭᠠᠤᠯᠢ ᠬᠠᠤᠯᠢ ᠪᠦᠷ ᠯᠠ ᠭᠠᠷ ᠶᠢᠡᠷ ᠳᠠᠮᠵᠢᠳᠠᠭ ᠡᠴᠡ ᠪᠣᠯᠵᠠᠢ᠃

ᠰᠠᠢ᠌ᠨ ᠬᠠᠤᠯᠢ ᠰᠠᠢ᠌ᠨ ᠭᠠᠷ ᠶᠢᠡᠷ ᠳᠠᠮᠵᠢᠪᠠᠯ ᠬᠠᠤᠯᠢ

ᠰᠠᠢ᠌ᠨ ᠬᠠᠤᠯᠢ ᠮᠠᠭᠤ ᠭᠠᠷ ᠶᠢᠡᠷ ᠳᠠᠮᠵᠢᠪᠠᠯ ᠭᠠᠤᠯᠢ

ᠭᠠᠷ ᠶᠠᠷᠤᠨᠢ ᠭᠠᠤᠯᠢ ᠬᠠᠤᠯᠢ ᠶᠢᠨ ᠠᠯᠢ ᠶᠢ ᠨᠢ ᠴᠤ ᠭᠠᠷᠳᠠᠳᠠᠭ ᠡᠴᠡ

ᠭᠠᠷ ᠢ ᠭᠠᠷᠰᠢᠭᠤᠯᠪᠠᠯ ᠰᠠ‍‌ᠶᠢ ᠬᠠᠳᠠᠭᠤ ᠨᠢ ᠬᠠᠳᠠᠭᠤ ᠪᠠᠷ ᠶᠢᠡᠨ ᠪᠠᠢ᠌ᠵᠤ ᠮᠠᠭᠠᠤᠨ ᠳ᠋ᠠ᠃


2᠂ ᠬᠠᠤᠯᠢ ᠶᠢ ᠣᠮᠳᠤᠭᠠᠢ᠌ᠯᠠᠭᠰᠠᠨ ᠤ ᠭᠠᠢ


ᠥᠭᠦᠨ ᠥᠭᠦᠳᠡᠯ᠎ᠡ ᠪᠠᠨ ᠦᠷ᠎ᠡ ᠪᠠᠨ ᠭᠡᠵᠤ ᠵᠢᠦᠡᠭᠦᠵᠤ

ᠦᠷ᠎ᠡ ᠪᠠᠨ ᠪᠦᠷ ᠭᠦᠮᠤᠨ ᠤ ᠵᠡᠷᠭᠡ ᠳᠤ ᠭᠦᠷᠭᠡᠴᠢᠭᠡᠭᠡᠳ

ᠥᠳᠡᠯᠡᠭᠦ ᠶᠢᠨ ᠥᠵᠡᠭᠦᠷ ᠲᠤ ᠦᠷ᠎ᠡ ᠪᠠᠨ ᠲᠦᠰᠢᠨ᠎ᠠ ᠭᠡᠭᠦ ᠳ᠋ᠤ

ᠡᠪᠦᠭᠡᠨ ᠡᠮᠡᠭᠡᠨ ᠢ ᠳᠡᠭᠡᠭᠡᠷ᠎ᠡ ᠭᠡᠵᠤ ᠬᠠᠶᠠᠭᠠᠨ ᠳᠠᠭᠠᠨ ᠬᠠᠶᠠᠴᠢᠬᠠᠪᠠ᠃

ᠠᠷᠪᠠ ᠳᠦᠩᠭᠡᠵᠢ ᠭᠡᠳᠦᠷᠡᠭᠡ ᠯᠠ ᠨᠢᠭᠡᠨ ᠬᠡᠦᠬᠡᠳ ᠢ

ᠠᠪᠣ ᠡᠵᠢ ᠨᠢ ᠪᠢᠴᠢᠭ᠌ ᠪᠢᠷ ᠡᠴᠡ ᠨᠢ ᠰᠠᠯᠭᠠᠪᠠ

ᠠᠷᠠᠤᠨ ᠤᠨ ᠵᠤᠭᠤᠰ ᠯᠠ ᠣᠯᠪᠠᠯ ᠪᠣᠯᠴᠢᠬᠠᠨ᠎ᠠ ᠭᠡᠵᠤ

ᠠᠯᠢ ᠨᠢᠭᠡ ᠭᠠᠵᠠᠷ ᠲᠤ ᠵᠠᠷᠤᠴᠠ ᠠᠵᠢᠯᠳᠠᠨ ᠪᠣᠯᠭᠠᠪᠠ᠃

ᠮᠠᠨᠠᠷᠠᠳᠠᠯ᠎ᠠ ᠠᠷᠢᠭᠢ ᠣᠤᠭᠤᠴᠢᠬᠠᠭᠠᠤᠨ ᠨᠢᠭᠡ ᠨᠢ

ᠮᠠᠰᠢᠨ ᠶᠢᠡᠨ ᠵᠢᠯᠤᠭᠤᠳᠤᠨ ᠵᠤᠷᠢᠭᠳᠠᠢ᠌ᠬᠠᠨ ᠨᠢᠰᠭᠡᠪᠡ

ᠮᠠᠷᠭᠠᠰᠢ ᠨᠢ ᠪᠣᠯᠤᠭᠠᠤᠨ ᠨᠢᠭᠡ ᠮᠡᠳᠡᠭᠦ ᠳ᠋ᠤ

ᠮᠢᠬ᠎ᠠ ᠶᠠᠰᠤᠨ ᠤ ᠭᠡᠷᠡᠭ᠌ ᠲᠤ ᠣᠷᠤᠴᠢᠬᠠᠭᠰᠠᠨ ᠪᠠᠢ᠌ᠪᠠ᠃

ᠡᠷᠭᠡ ᠲᠡᠶ ᠮᠥᠩᠭᠦ ᠲᠡᠶ ᠨᠢᠭᠡ ᠨᠤᠶᠠᠨ

ᠡᠳᠦᠢ ᠳᠠᠳᠤᠢ ᠡᠮ᠎ᠡ ᠳᠡᠵᠢᠭᠡᠪᠡ

ᠡᠮ᠎ᠡ ᠶᠢᠨ ᠭᠢᠨᠢ ᠨᠢᠭᠡ ᠨᠢ ᠨᠢᠭᠡ ᠡᠳᠦᠷ

ᠡᠨᠡ ᠨᠤᠶᠠᠨ ᠢ ᠭᠢᠠᠳᠠᠨ ᠳᠤ ᠣᠷᠤᠭᠤᠯᠴᠢᠬᠠᠪᠠ

ᠰᠤᠷᠭᠠᠬᠤ ᠶᠢᠨ ᠡᠭᠦᠷᠭᠡ ᠲᠡᠶ ᠨᠢᠭᠡ ᠪᠠᠭᠰᠢ

ᠰᠤᠷᠤᠭᠴᠢ ᠪᠠᠨ ᠰᠤᠷᠬᠤ ᠦᠭᠡᠶ ᠭᠡᠳ ᠠᠯᠭᠠᠳᠠᠪᠠ

ᠰᠤᠯᠠᠬᠠᠨ ᠪᠢᠰᠢ ᠭᠡᠴᠡᠭᠦᠤ ᠯᠠ ᠳᠦᠭᠦᠰᠢᠯᠡᠭ᠍ᠰᠡᠨ ᠡᠴᠡ

ᠰᠤᠨᠤᠷ ᠤᠨ ᠭᠡᠩᠭᠡᠷᠭᠡ ᠶᠢ ᠨᠢ ᠬᠠᠭᠠᠯᠴᠢᠬᠠᠭᠠᠤᠨ ᠵᠠᠭᠠᠯᠳᠤᠭᠳᠠᠪᠠ᠃

ᠠᠵᠢᠯᠰᠠᠭ ᠨᠢᠭᠡ ᠠᠢ᠌ᠯ ᠤᠨ ᠶᠢᠡᠨ ᠪᠠᠶᠠᠵᠢᠬᠤ ᠶᠢ ᠬᠠᠷᠠᠭᠰᠠᠭᠠᠷ

ᠠᠯᠵᠠᠭᠤ ᠠᠳᠠᠭᠠᠷᠬᠠᠭ ᠨᠢᠭᠡ ᠶᠢᠨ ᠭᠢᠨᠢ ᠰᠠᠨᠠᠭ᠎ᠠ ᠨᠢ ᠬᠠᠵᠠᠢ᠌ᠪᠠ

ᠠᠳᠠᠭ᠎ᠠ ᠨᠢ ᠶᠡᠭᠡᠳᠭᠦ ᠳᠡᠭᠡᠨ ᠠᠷᠤ ᠶᠢᠨ ᠡᠪᠠᠰᠤ ᠶᠢ ᠨᠢ ᠭᠠᠯᠳᠠᠪᠠ

ᠠᠳᠠᠭ ᠮᠠᠭᠤ ᠶᠢ ᠰᠡᠳᠦᠭ᠍ᠰᠡᠨ ᠡᠴᠡ《ᠠᠯᠳᠠᠨ ᠪᠤᠭᠤᠪᠴᠢ》 ᠵᠡᠭᠦᠴᠢᠭᠡᠪᠡ᠃

ᠨᠤᠳᠤᠭ ᠶᠢᠡᠨ ᠶᠠᠭᠤᠮ᠎ᠠ ᠪᠠᠷ ᠥᠵᠡᠳᠡᠭ᠌ ᠦᠭᠡᠶ ᠭᠦᠪᠦᠯᠵᠡᠭᠦᠷ ᠨᠢᠭᠡ ᠨᠢ

ᠨᠠᠷᠢᠨ ᠭᠡᠷ᠎ᠡ ᠦᠭᠡᠶ ᠪᠠᠷ ᠨᠤᠳᠤᠭ ᠶᠢᠡᠨ ᠪᠣᠰᠤᠳ ᠲᠤ ᠳᠦᠷᠢᠶᠠᠰᠤᠯᠠᠪᠠ

《ᠨᠤᠳᠤᠭ ᠶᠢᠡᠨ ᠠᠯᠳᠠᠭᠠᠤᠨ ᠭᠤᠳᠤᠭ ᠠᠯᠳᠠᠨ》 ᠨᠤᠳᠤᠭ ᠶᠢᠡᠨ ᠰᠠᠨᠠᠬᠤ ᠳ᠋ᠤ

ᠨᠤᠳᠤᠭ ᠨᠢ ᠳᠡᠭᠦᠨ ᠪᠢᠰᠢ ᠬᠠᠷᠢᠨ ᠨᠠᠩᠭᠢᠶᠠᠤᠨ ᠤᠨ ᠭᠢ ᠪᠣᠯᠴᠢᠬᠠᠪᠠ᠃

ᠪᠣᠰᠤᠭ᠎ᠠ ᠭᠡᠯᠡᠳᠤ ᠳᠠᠷᠤᠭ᠎ᠠ ᠳᠦᠷᠪᠡᠯᠵᠢᠨ ᠭᠡᠯᠡᠳᠤ ᠳᠤᠤᠷᠠᠭᠢ ᠲᠡᠶ ᠪᠠᠨ

ᠪᠣᠯᠳᠤ ᠪᠠᠷ ᠶᠢᠡᠨ ᠪᠣᠰᠤᠭ᠎ᠠ ᠭᠡᠯᠡᠳᠤ ᠴᠤᠭᠯᠠᠷᠠᠭᠰᠠᠨ ᠠᠬᠤᠢ ᠳᠤ ᠬᠤᠷᠠᠯ ᠭᠢᠪᠠ

ᠪᠣᠰᠤᠭ᠎ᠠ ᠭᠡᠯᠡᠳᠤ ᠳᠠᠷᠤᠭ᠎ᠠ ᠳᠦᠷᠪᠡᠯᠵᠢᠨ ᠭᠡᠯᠡᠳᠤ ᠪᠠᠨ ᠬᠠᠷᠠᠭᠠᠯᠵᠠᠬᠤ ᠭᠡᠵᠤ

ᠪᠣᠷᠤᠭᠤ ᠬᠠᠵᠠᠭᠠᠢ ᠪᠠᠷ ᠪᠣᠰᠤᠳ ᠤᠨ ᠭᠡᠯᠡ ᠪᠠᠷ ᠶᠠᠷᠢᠵᠤ ᠴᠢᠭᠢ ᠪᠣᠯᠭᠠᠨ ᠢ ᠡᠭ᠍ᠳᠡᠭᠦᠴᠡᠭᠦᠯᠪᠡ᠃

ᠠᠭᠤᠷᠬᠠᠢ ᠭᠠᠷᠭᠠᠭᠰᠠᠨ ᠭᠠᠵᠠᠷ ᠶᠡᠭᠡ ᠪᠠᠶᠠᠵᠢᠨ᠎ᠠ ᠭᠡᠵᠤ ᠨᠢᠭᠡ ᠨᠤᠶᠠᠨ

ᠠᠭᠤᠯᠠᠨ ᠳᠠᠭᠠᠨ᠂ ᠳᠠᠯ᠎ᠠ ᠳᠠᠭᠠᠨ ᠠᠭᠤᠳᠠᠯᠯᠠᠭᠴᠢ ᠶᠢ ᠣᠯᠠᠨ ᠯᠠ ᠣᠷᠢᠪᠠ

ᠠᠭᠤᠳᠠᠯᠠᠯ ᠭᠡᠳᠦᠷᠡᠭᠦᠳᠡᠭᠡᠳ ᠣᠰᠤ ᠭᠤᠤᠯ ᠬᠠᠳᠠᠵᠤ ᠨᠠᠷᠢᠰᠬᠤ ᠳ᠋ᠤ

ᠣᠷᠢᠭᠴᠢ ᠨᠤᠶᠠᠨ ᠣᠷᠢᠳᠠᠪᠠᠷ ᠪᠠᠶᠠᠵᠢᠵᠤ ᠬᠠᠷᠢᠶᠠᠯ ᠤᠨ ᠳᠤᠮᠳᠠ 《ᠳᠠᠪᠰᠢᠴᠢᠬᠠᠪᠠ》᠃

ᠰᠠᠢ᠌ᠪ ᠰᠠᠢ᠌ᠬᠠᠨ ᠬᠤᠶᠠᠷ ᠵᠠᠯᠠᠭᠤ ᠰᠠᠨᠠᠭ᠎ᠠ ᠬᠠᠢ᠌ᠷ᠎ᠠ ᠪᠠᠨ ᠣᠢ᠌ᠯᠠᠭᠠᠭᠰᠠᠨ ᠪᠠᠢ᠌ᠬ᠎ᠠ

ᠰᠠᠳᠤᠨ ᠲᠦᠷᠦᠯ ᠠᠬ᠎ᠠ ᠳᠡᠭᠦᠤ ᠨᠠᠢ᠌ᠵᠠ ᠪᠠᠨ ᠵᠠᠯᠠᠵᠤ ᠬᠤᠷᠢᠮ ᠭᠢᠴᠢᠭᠡᠪᠡ

ᠰᠠᠷ᠎ᠠ ᠪᠣᠯᠤᠭᠰᠠᠨ ᠦᠭᠡᠶ ᠬᠤᠷᠢᠮᠯᠠᠭᠰᠠᠨ ᠬᠤᠶᠠᠷ ᠭᠡᠷᠡᠭᠦᠯ ᠪᠣᠯᠵᠤ ᠰᠠᠷᠨᠢᠪᠠ

ᠰᠠᠯᠤᠭᠰᠠᠨ ᠤ ᠣᠷᠰᠢᠭ ᠨᠢ ᠬᠠᠷᠢᠨ ᠨᠢᠭᠡ ᠨᠢ ᠰᠠᠯᠠᠭᠠᠨ ᠵᠢᠷᠦᠭᠡ ᠲᠡᠶ ᠡᠴᠡ ᠪᠣᠯᠵᠠᠢ᠃

ᠪᠣᠳᠤᠯ ᠳᠠᠭᠠᠨ ᠶᠠᠷᠤᠨᠢ ᠰᠤᠶᠤᠯᠳᠠᠨ ᠤ ᠨᠠᠷ᠎ᠠ ᠶᠢ ᠣᠯᠬᠤ ᠶᠢ ᠰᠠᠨᠠᠳᠠᠭ ᠨᠢᠭᠡ ᠨᠢ

ᠪᠣᠵᠠᠭᠠᠢ ᠭᠦᠴᠤ ᠣᠷᠤᠭᠤᠯᠵᠤ ᠰᠤᠯᠠ ᠰᠡᠯᠡᠭᠦᠤ ᠳᠡᠭᠡᠨ ᠶᠠᠭᠤᠮ᠎ᠠ ᠪᠢᠴᠢᠪᠠ

ᠪᠣᠯᠤᠮᠠᠷ ᠭᠡᠵᠤ ᠪᠢᠴᠢᠭ᠍ᠰᠡᠨ ᠨᠢ ᠰᠡᠳᠭᠦᠯ ᠳᠤ ᠨᠡᠢ᠌ᠳᠡᠯᠡᠭ᠍ᠳᠡᠭᠡᠳ ᠪᠠᠶᠠᠷᠯᠠᠬᠤ ᠳ᠋ᠤ

ᠪᠣᠯᠠᠢ ᠯᠠ ᠶᠤᠮ ︕ ᠪᠣᠰᠤᠳ ᠤᠨ ᠭᠢ ᠶᠢ ᠬᠠᠭᠤᠯᠠᠴᠢᠬᠠᠭᠰᠠᠨ ᠡᠴᠡ ᠰᠢᠭᠦᠮᠵᠢᠯᠡᠭ᠍ᠳᠡᠴᠢᠭᠡᠪᠡ᠃

ᠣᠯᠠᠮᠵᠢᠯᠠᠵᠤ᠂ ᠬᠠᠮᠠᠭᠠᠯᠠᠵᠤ᠂ ᠭᠦᠭ᠍ᠵᠢᠭᠦᠯᠵᠤ᠂ ᠭᠡᠯᠡᠵᠤ᠂ ᠭᠡᠷᠡᠭᠯᠡᠭᠦ ᠡᠷᠭᠡ ᠶᠢ ᠨᠢ

ᠣᠯᠤᠰ ᠨᠢ ᠣᠯᠠᠭᠠᠨ ᠳᠠᠮᠠᠭᠠᠳᠤ ᠪᠠᠷ ᠪᠠᠳᠤᠯᠠᠵᠤ ᠦᠭ‍ᠭᠦᠭ᠍ᠰᠡᠨ ᠪᠠᠢ᠌ᠳᠠᠯ᠎ᠠ

ᠣᠳᠤᠮ ᠡᠴᠡ ᠨᠢ ᠵᠠᠯᠭᠠᠭᠳᠠᠭᠰᠠᠨ ᠣᠤᠭᠠᠯ ᠡᠨᠡᠭᠦ ᠡᠷᠳᠡᠨᠢ ᠪᠠᠨ ᠵᠠᠷᠢᠮ ᠨᠢ

ᠠᠭᠤᠰᠭᠢ ᠶᠢ ᠨᠢ ᠬᠠᠳᠬᠤᠭ᠎ᠠ ᠶᠤᠮ ᠰᠢᠭ ᠣᠷᠤᠭᠤᠯ ᠠᠮᠠ ᠡᠴᠡ ᠪᠠᠨ ᠵᠠᠢ᠌ᠳᠠᠭᠤᠯᠤᠨ᠎ᠠ᠃


3᠂ ᠬᠠᠤᠯᠢ ᠶᠢᠨ ᠣᠤᠠᠬ᠎ᠠ


ᠬᠠᠤᠯᠢ ᠊᠊᠊᠊᠊᠊᠊᠊᠊᠊᠊᠊᠊᠊᠊

ᠲᠦᠷᠦ ᠳᠤ ᠪᠣᠯ

ᠲᠦᠷᠦ ᠶᠢᠨ ᠡᠷᠭᠡ ᠪᠠ ᠰᠦᠷ

ᠲᠦᠷᠦ ᠪᠠᠨ ᠬᠠᠮᠠᠭᠠᠯᠠᠬᠤ ᠰᠠᠭᠢᠶ᠎ᠠ

ᠲᠦᠷᠦ ᠪᠠᠨ ᠮᠠᠠᠳᠤᠭᠤᠯᠬᠤ ᠭᠦᠳᠦᠯᠪᠦᠷᠢ

ᠲᠦᠷᠦ ᠡᠴᠡ ᠲᠦᠮᠡᠨ ᠶᠢᠡᠨ ᠡᠷᠭᠡᠰᠢᠶᠡᠭᠦ ᠵᠢᠯᠤᠭᠤ

ᠲᠦᠷᠦ ᠡᠴᠡ ᠲᠦᠮᠡᠨ ᠶᠢᠡᠨ ᠳᠡᠭ᠍ᠵᠢᠷᠡᠭᠦᠯᠭᠦ ᠳᠦᠷᠦᠭᠡ

ᠬᠠᠤᠯᠢ ᠊᠊᠊᠊᠊᠊᠊᠊᠊᠊᠊᠊᠊᠊᠊

ᠲᠦᠮᠡᠨ ᠳᠤ ᠪᠣᠯ

ᠲᠦᠮᠡᠨ ᠤ ᠡᠷᠭᠡ ᠪᠠ ᠠᠰᠢᠭ

ᠲᠦᠮᠡᠨ ᠢ ᠳᠠᠭᠠᠭᠤᠯᠬᠤ ᠵᠠᠮᠴᠢ

ᠲᠦᠮᠡᠨ ᠤ ᠭᠦᠢᠴᠡᠳᠭᠡᠭᠦ ᠳᠦᠷᠢᠮᠵᠢᠯ

ᠲᠦᠮᠡᠨ ᠡᠴᠡ ᠲᠦᠷᠦ ᠪᠠᠨ ᠬᠠᠮᠠᠭᠠᠯᠠᠬᠤ ᠵᠡᠪᠰᠡᠭ᠌

ᠲᠦᠮᠡᠨ ᠡᠴᠡ ᠦᠪᠡᠷ ᠢ ᠪᠠᠨ ᠬᠠᠮᠠᠭᠠᠯᠠᠬᠤ ᠬᠤᠶᠠᠭ


4᠂ ᠬᠠᠤᠯᠢ ᠶᠢ ᠡᠵᠡᠮᠰᠢᠵᠡᠭᠡᠶ᠎ᠡ


ᠲᠦᠷᠦ

ᠬᠠᠤᠯᠢᠵᠢᠬᠤ ᠳᠤᠳᠤᠮ

ᠪᠠᠳᠤᠵᠢᠨ ᠭᠦᠭ᠍ᠵᠢᠳᠡᠭ᠌ ᠪᠣᠯ

ᠲᠦᠮᠡᠨ

ᠬᠠᠤᠯᠢᠵᠢᠬᠤ ᠳᠤᠳᠤᠮ

ᠵᠢᠷᠤᠮᠵᠢᠨ ᠳᠠᠪᠰᠢᠨ᠎ᠠ

ᠲᠦᠷᠦ

ᠥᠩᠭᠡᠷᠡᠭ᠍ᠰᠡᠨ ᠳᠤ

ᠰᠤᠶᠤᠯ ᠤᠨ ᠪᠠᠯᠠᠢ ᠶᠢ ᠠᠷᠢᠯᠭᠠᠵᠤ ᠪᠠᠢ᠌ᠭᠰᠠᠨ ᠪᠣᠯ

ᠲᠦᠷᠦ

ᠦᠨᠦᠳᠤᠷ

ᠬᠠᠤᠯᠢ ᠶᠢᠨ ᠪᠠᠯᠠᠢ ᠶᠢ ᠴᠤ ᠠᠷᠢᠯᠭᠠᠬᠤ ᠭᠡᠷᠡᠭ᠍ᠳᠡᠢ ᠪᠣᠯᠵᠠᠢ

ᠲᠦᠷᠦ

ᠬᠠᠤᠯᠢᠵᠢᠠᠠᠰᠠᠨ ᠨᠡᠢ᠌ᠭᠡᠮ ᠳᠤ ᠳᠠᠪᠰᠢᠭ᠎ᠠ ᠴᠠᠭ

ᠲᠦᠮᠡᠨ

ᠬᠠᠤᠯᠢ ᠪᠠᠷ ᠦᠪᠡᠷ ᠢ ᠪᠠᠨ ᠵᠡᠪᠰᠡᠭᠯᠡᠭᠦ ᠱᠠᠭᠠᠷᠳᠠᠭᠳᠠᠨ᠎ᠠ

ᠲᠦᠷᠦ ᠨᠢ ᠳᠡᠭᠡᠪᠠᠯ

ᠲᠦᠷᠦ ᠪᠠ ᠲᠦᠮᠡᠨ ᠶᠢᠡᠨ ᠭᠡᠵᠤ

ᠬᠠᠤᠯᠢ ᠶᠢ ᠵᠢᠷᠤᠮᠵᠢᠭᠤᠨ ᠪᠠᠢ᠌ᠯᠭᠠᠭᠤᠰᠢᠳᠠᠢ ︕

ᠲᠦᠮᠡᠨ ᠨᠢ ᠳᠡᠭᠡᠪᠠᠯ

ᠲᠦᠷᠦ ᠪᠠ ᠡᠷᠭᠡ ᠪᠠᠨ ᠭᠡᠵᠤ

ᠬᠠᠤᠯᠢ ᠶᠢ ᠪᠠᠳᠤᠵᠢᠭᠤᠨ ᠡᠵᠡᠮᠰᠢᠭᠦᠰᠢᠳᠡᠢ ︕


2009,12,10


ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ ᠬᠤᠳᠠ ᠶᠢᠨ ᠭᠡᠰᠢᠭ᠍ᠳᠡᠨ ᠬᠤᠰᠢᠭᠤᠨ ᠤ ᠪᠢᠷᠠᠭᠤ ᠳ᠋ᠠᠭᠢ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠪᠦᠭᠡᠵᠢᠷᠭᠠᠯ
ᠢᠷᠡᠯᠲᠡ᠄ ᠵᠤᠬᠢᠶᠠᠭᠴᠢ ᠢᠮᠸᠯ ᠶᠢᠡᠷ ᠢᠷᠡᠭᠦᠯᠪᠡ
ᠬᠠᠷᠢᠶ᠎ᠠ᠄ ᠰᠢᠯᠦᠭ
ᠳᠠᠷᠤᠮ᠄ 2625
ᠴᠠᠭ᠄ 2010 ᠤᠨ ᠤ 01 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ