ᠨᠡᠪᠲᠡᠷᠡᠨ ᠤᠷᠤᠬᠤ
ᠭᠠᠵᠠᠷ ᠤᠰᠤᠨ ‍ᠣ ᠪᠦᠷᠢᠳᠭᠡᠯ

ᠭᠠᠵᠠᠷ ᠤᠰᠤᠨ ‍ᠣ ᠪᠦᠷᠢᠳᠭᠡᠯ ᠬᠢᠵᠥ

ᠭᠠᠵᠠᠷ ᠤᠨ ᠵᠢᠷᠤᠭ ᠠᠴᠠ ᠡᠷᠢᠬᠥ ᠳ᠋ᠥ

ᠭᠠᠷ ᠤᠨ ᠠᠯᠠᠭᠠᠨ ᠵᠢᠷᠤᠭᠠᠰᠤ ᠰᠢᠭ ᠲᠠᠨᠢᠮᠠᠷᠬᠠᠨ

ᠭᠤᠯᠤᠮᠲᠠ ᠨᠢᠭᠡᠲᠡᠢ ᠤᠭᠰᠠᠭᠠᠲᠠᠳ ᠂

ᠭᠠᠵᠠᠷ ᠢ ᠪᠠᠨ ᠲᠠᠰᠤ ᠬᠢᠯᠢᠯᠡᠭᠦᠯᠵᠥ

ᠭᠤᠤᠯ ᠳ᠋ᠥ ᠪᠠᠨ ᠭᠤᠮᠤᠳᠠᠯ ᠲᠠᠢ ᠵᠠᠭᠠᠭᠯᠠᠭᠳᠠᠭᠰᠠᠨ

ᠭᠠᠵᠠᠷ ᠤᠰᠤᠨ ‍ᠣ ᠦᠨᠡᠨ ᠢ ᠮᠦᠷᠲᠡᠵᠥ

ᠭᠠᠵᠠᠷ ᠭᠠᠵᠠᠷ ᠤᠨ ᠤᠭᠲᠤᠯᠤᠭᠳᠠᠵᠤ ᠬᠡᠷᠴᠢᠭᠦᠯᠦᠭᠰᠡᠨ ᠰᠤᠷᠪᠢ ᠶᠢ

ᠭᠠᠯ ᠳ᠋ᠥ ᠪᠤᠯᠪᠠᠰᠤᠷᠠᠭ᠎ᠠ ᠵᠤᠪᠠᠯᠠᠩᠲᠤ ᠪᠦᠳᠦᠷᠢᠯ ᠡᠴᠡ ᠲᠡᠭᠦᠯ᠎ᠡ

ᠭᠧᠷᠮᠠᠨ ‍ᠣ ᠪᠧᠷᠯᠢᠨ ᠬᠡᠷᠡᠮ ᠰᠢᠭ ᠪᠤᠯᠤᠳ ᠰᠢᠷᠪᠤᠰᠥ ᠦᠭᠡᠢ

ᠭᠤᠷᠪᠠ ᠨᠢ᠋ᠮᠠ ᠶᠢᠨ ᠱᠤᠭᠤᠮ ᠮᠡᠲᠥ ᠲᠠᠷᠢ ᠶᠢᠨ ᠦᠨᠦᠷ ᠦᠭᠡᠢ

ᠬᠡᠨ ᠨᠢ ᠴᠦ ᠬᠡᠵᠢᠶ᠎ᠡ ᠴᠦ ᠰᠠᠨᠠᠭᠠᠨ ᠳ᠋ᠥ ᠪᠠᠨ ᠠᠪᠤᠭ᠎ᠠ ᠦᠭᠡᠢ ᠬᠢᠯᠢ

ᠭᠤᠨᠢᠭᠲᠤ ᠡᠬᠡ ᠬᠠᠭᠤᠷᠠᠢ ᠶᠢᠨ ᠶᠠᠰᠤᠨ ᠳ᠋ᠥ ᠲᠠᠮᠠᠭᠠᠯᠠᠭᠰᠠᠨ ᠢᠮ ᠃


ᠵᠠᠷᠢᠮ ᠴᠠᠭ ᠲᠣ ᠨᠢᠭᠡ ᠯᠡ ᠬᠦᠮᠦᠨ ‍ᠣ ᠵᠢᠭᠠᠪᠤᠷᠢ

ᠵᠢᠸ᠎ᠠ ᠤᠯᠠᠨ ᠢᠷᠭᠡᠳ ᠢ ᠵᠤᠪᠠᠯᠠᠩ ᠤᠨ ᠭᠦᠪ ᠲᠣ ᠪᠤᠯᠠᠰᠢᠯᠠᠳᠠᠭ

ᠵᠠᠷᠢᠮ ᠲᠦᠷᠥ ᠳ᠋ᠥ ᠨᠢᠭᠦᠯ ᠶᠡᠬᠡᠲᠡᠢ ᠵᠠᠰᠠᠭᠯᠠᠯ

ᠵᠠᠭᠤᠷᠠᠲᠤ ᠬᠢᠯᠢᠰ ᠲᠠᠮᠤ ᠪᠠᠷ ᠨᠢᠭᠡᠳᠦᠯ ᠬᠦᠭᠵᠢᠯ ᠢ ᠪᠤᠰᠠᠨᠢᠭᠤᠯᠳᠠᠭ ᠂

ᠴᠠᠭᠠᠨ ᠬᠡᠷᠡᠮ ᠢ ᠴᠠᠯᠭᠢᠭᠤᠯᠤᠨ ᠳᠠᠪᠠᠵᠤ ᠪᠡᠯᠴᠢᠭᠡᠷᠯᠡᠭᠦᠯᠳᠡᠭ

ᠴᠢᠩᠭᠢᠰ ᠦᠨ ᠵᠠᠰᠠᠭᠲᠤ ᠴᠡᠴᠡᠭᠯᠡᠯ ᠮᠠᠨᠳᠤᠯ ᠢ ᠮᠠᠷᠲᠠᠭ᠎ᠠ ᠦᠭᠡᠢ

ᠴᠠᠬᠢᠯᠭᠠᠨ ᠰᠦᠷ ᠨᠢ ᠪᠦᠮᠪᠦᠷᠴᠡᠭ ᠦᠨ ᠵᠤᠯᠠᠢ ᠶᠢ ᠪᠠᠭᠯᠠᠭᠰᠠᠨ

ᠴᠡᠩᠬᠡᠷ ᠬᠦᠬᠡ ᠵᠢᠪᠬᠤᠭᠠᠲᠤ ᠲᠤᠭ ᠮᠠᠨᠠᠭᠳᠠᠭ᠎ᠠ ᠦᠭᠡᠢ

ᠬᠡᠰᠡᠭᠯᠡᠭᠦᠯᠵᠥ ᠲᠠᠰᠤᠴᠢᠭᠤᠯᠤᠨ ᠪᠤᠭᠤᠮᠢᠯᠠᠭᠳᠠᠭ᠎ᠠ ᠭᠤᠪᠢ ᠶᠢ ᠪᠠᠨ

ᠬᠡᠮᠵᠢᠰᠢ ᠦᠭᠡᠢ ᠦᠷᠭᠡᠨ ᠠᠭᠤᠳᠠᠮ ᠬᠡᠮᠡᠨ ᠳᠠᠭᠤᠯᠠᠵᠤ ᠶᠠᠪᠤᠶ᠎ᠠ

ᠬᠡᠴᠢᠨᠡᠨ ᠲᠡᠨᠢᠭᠦᠨ ᠠᠭᠤᠳᠠᠮᠴᠢ ᠬᠡᠭᠦᠳᠡᠭ ᠴᠡᠭᠡᠵᠢ ᠪᠢᠯᠡ ︖

ᠬᠡᠯᠳᠡᠷᠡᠵᠥ ᠲᠡᠰᠦᠷᠡᠵᠦ ᠤᠷᠤᠭᠤᠳᠠᠵᠤ ᠥᠭᠰᠦᠭᠡ ᠲᠤᠮᠤᠭᠲᠤ ᠭᠠᠵᠠᠷ ᠤᠰᠤ

ᠬᠡᠯᠲᠦᠷᠬᠢᠯᠡᠨ ᠲᠡᠮᠲᠡᠴᠢᠨ ᠲᠦᠭᠡᠷᠢᠭᠡ ᠥᠢᠯᠡᠷ ᠲᠠᠢ ᠤᠭᠰᠠᠭᠠᠲᠤ ᠬᠦᠮᠦᠨ ᠵᠤᠨ ᠃

ᠵᠤᠬᠢᠶᠠᠭᠴᠢ᠄ ᠪᠠᠭᠠᠲᠤᠷᠴᠤᠭᠲᠤ
ᠢᠷᠡᠯᠲᠡ᠄ ᠵᠤᠬᠢᠶᠠᠭᠴᠢ ᠶᠢᠨ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 46325
ᠴᠠᠭ᠄ 2016 ᠤᠨ ᠤ 02 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ