☆ ᠪᠦᠬᠡᠵᠢᠷᠭᠠᠯ
ᠮᠤᠩᠭ᠋ᠤᠯ ᠮᠢᠨᠢ ᠪᠦᠭᠦᠳᠡᠭᠡᠷ ᠶᠢᠡᠨ ᠰᠤᠶᠤᠯᠵᠢ
ᠰᠤᠶᠤᠯᠵᠢ᠂ ᠰᠤᠶᠤᠯᠵᠢ︕
ᠮᠤᠩᠭ᠋ᠤᠯ ᠮᠢᠨᠢ ᠪᠦᠭᠦᠳᠡᠭᠡᠷ ᠶᠢᠡᠨ ᠰᠤᠶᠤᠯᠵᠢ︕
ᠰᠤᠶᠤᠯᠵᠢᠭᠰᠠᠨ ᠦᠨᠳᠦᠰᠦᠳᠠᠨ ᠳᠡᠯᠡᠭᠡᠢ ᠳᠤ ᠨᠢᠷᠤᠭᠤ ᠭᠡᠳᠡᠢ᠌ᠨᠡ
ᠰᠤᠶᠤᠯᠵᠢᠭᠰᠠᠨ ᠠᠷᠠᠤᠨ ᠪᠣᠯᠪᠠᠰᠤᠨ ᠰᠠᠢ᠌ᠬᠠᠨ ᠠᠮᠢᠳᠤᠷᠠᠨ᠎ᠠ
ᠰᠤᠶᠤᠯ ᠶᠢᠡᠷ ᠮᠡᠭᠦᠰᠳᠡᠪᠠᠯ ᠣᠶᠤᠨ ᠰᠠᠨᠠᠭ᠎ᠠ ᠳᠤᠯᠢᠮᠠᠭᠳᠠᠨᠠ
ᠰᠤᠶᠤᠯ ᠶᠢᠡᠷ ᠶᠠᠳᠠᠭᠤᠷᠠᠪᠠᠯ ᠪᠣᠰᠤᠳ ᠤᠨ ᠬᠣᠢ᠌ᠨ᠎ᠠ ᠣᠷᠤᠨ᠎ᠠ
ᠰᠤᠶᠤᠯᠵᠢ᠂ ᠰᠤᠶᠤᠯᠵᠢ︕
ᠮᠤᠩᠭ᠋ᠤᠯ ᠮᠢᠨᠢ ᠪᠦᠭᠦᠳᠡᠭᠡᠷ ᠶᠢᠡᠨ ᠰᠤᠶᠤᠯᠵᠢ︕
《ᠰᠤᠶᠤᠯ ᠦᠭᠡᠶ ᠴᠡᠷᠢᠭ᠌ ᠪᠣᠯ ᠮᠤᠩᠬᠠᠭ ᠴᠡᠷᠢᠭ᠌》
ᠰᠤᠶᠤᠯ ᠦᠭᠡᠶ ᠭᠦᠮᠤᠨ ᠶᠠᠪᠣᠬᠤ ᠵᠠᠮ ᠶᠢᠡᠨ ᠣᠯᠬᠤ ᠥᠭᠡᠢ
ᠰᠤᠶᠤᠯᠵᠢᠭᠰᠠᠨ ᠨᠡᠢ᠌ᠭᠡᠮ ᠳᠤ ᠭᠢᠯᠠᠯᠵᠠᠵᠤ ᠶᠠᠪᠣᠶ᠎ᠠ ᠭᠡᠪᠠᠯ
ᠰᠤᠷᠳᠤᠭᠤ ᠶᠠᠩᠪᠠ ᠪᠠᠨ ᠳᠠᠶᠠᠭᠳᠠᠨ ᠣᠷᠭᠢᠵᠤ ᠰᠤᠶᠤᠯᠵᠢ︕
ᠰᠤᠶᠤᠯᠵᠢ᠂ ᠰᠤᠶᠤᠯᠵᠢ︕
ᠮᠤᠩᠭ᠋ᠤᠯ ᠮᠢᠨᠢ ᠪᠦᠭᠦᠳᠡᠭᠡᠷ ᠶᠢᠡᠨ ᠰᠤᠶᠤᠯᠵᠢ︕
ᠦᠪᠡᠷ ᠤᠨ ᠭᠡᠭ᠍ᠴᠢ ᠥᠭᠡ ᠭᠡᠯᠡ
ᠦᠪᠡᠷ ᠤᠨ ᠭᠡᠭ᠍ᠴᠢ ᠥᠰᠦᠭ᠌ ᠪᠢᠴᠢᠭ᠌ ᠲᠡᠶ ᠮᠤᠩᠭ᠋ᠤᠯᠴᠤᠳ ᠮᠢᠨᠢ
ᠦᠪᠡᠷ ᠤᠨ ᠶᠢᠡᠨ ᠰᠤᠶᠤᠯ ᠢ ᠭᠦᠡᠳᠦᠳᠭᠡᠵᠤ
ᠡᠷᠳᠡᠮ ᠮᠡᠳᠡᠯᠭᠡ ᠶᠢ ᠴᠢᠬᠤᠯᠴᠢᠯᠠᠵᠤ ᠰᠤᠶᠤᠯᠵᠢ︕
ᠰᠤᠶᠤᠯᠵᠢ᠂ ᠰᠤᠶᠤᠯᠵᠢ︕
ᠮᠤᠩᠭ᠋ᠤᠯ ᠮᠢᠨᠢ ᠪᠦᠭᠦᠳᠡᠭᠡᠷ ᠶᠢᠡᠨ ᠰᠤᠶᠤᠯᠵᠢ︕
ᠦᠪᠡᠷ ᠤᠨ ᠭᠡᠭ᠍ᠴᠢ ᠦᠷᠯᠦᠭ᠌ ᠳᠡᠦᠭᠡ
ᠦᠪᠡᠷ ᠤᠨ ᠭᠡᠭ᠍ᠴᠢ ᠦᠪ ᠰᠤᠶᠤᠯ ᠲᠡᠶ ᠮᠤᠩᠭ᠋ᠤᠯᠴᠤᠳ ᠮᠢᠨᠢ
ᠦᠷᠦᠭᠡᠯ ᠢ ᠭᠡᠳᠤ ᠰᠢᠳᠤᠯ ᠥᠭᠡᠢ
ᠦᠪᠡᠷ ᠤᠨ ᠴᠢᠳᠠᠯ ᠶᠢᠡᠷ ᠶᠢᠡᠨ ᠭᠢᠯᠠᠯᠵᠠᠳᠠᠯ᠎ᠠ ᠰᠤᠶᠤᠯᠵᠢ︕
ᠰᠤᠶᠤᠯᠵᠢ᠂ ᠰᠤᠶᠤᠯᠵᠢ︕
ᠮᠤᠩᠭ᠋ᠤᠯ ᠮᠢᠨᠢ ᠪᠦᠭᠦᠳᠡᠭᠡᠷ ᠶᠢᠡᠨ ᠰᠤᠶᠤᠯᠵᠢ︕
ᠮᠥᠩᠭᠡ ᠭᠦᠭᠡ ᠳᠡᠭ᠍ᠷᠢ ᠳᠡᠭᠡᠨ ᠣᠰᠤᠯᠳᠤᠯ ᠦᠭᠡᠶ ᠰᠤᠶᠤᠯᠵᠢ
ᠮᠦᠰᠤ ᠬᠠᠳᠠᠭᠤ ᠶᠠᠰᠤᠳᠠᠨ ᠶᠢᠡᠨ ᠮᠠᠷᠳᠠᠯ ᠦᠭᠡᠶ ᠰᠤᠶᠤᠯᠵᠢ
ᠠᠭᠤᠤ ᠦᠷᠯᠦᠭ᠌ ᠶᠢᠡᠨ ᠰᠢᠭ᠌ ᠳᠠᠮᠢᠷᠵᠢᠭᠤᠬᠠᠨ ᠰᠤᠶᠤᠯᠵᠢ︕
ᠠᠷᠢᠭᠢ ᠳᠠᠷᠠᠰᠤᠨ ᠡᠴᠠ ᠵᠠᠢ᠌ᠯᠠᠩᠬᠠᠨ ᠰᠤᠶᠤᠯᠵᠢ︕
ᠰᠤᠶᠤᠯᠵᠢ᠂ ᠰᠤᠶᠤᠯᠵᠢ︕
ᠮᠤᠩᠭ᠋ᠤᠯ ᠮᠢᠨᠢ ᠪᠦᠭᠦᠳᠡᠭᠡᠷ ᠶᠢᠡᠨ ᠰᠤᠶᠤᠯᠵᠢ︕
ᠳᠡᠭᠡᠳᠦᠰ ᠤᠨ ᠠᠯᠳᠠᠷ ᠶᠢᠡᠨ ᠭᠤᠳᠤᠭᠠᠯ ᠦᠭᠡᠶ ᠰᠤᠶᠤᠯᠵᠢ
ᠳᠡᠷᠭᠡᠳᠡᠭᠢ ᠶᠠᠰᠤᠳᠠᠨ ᠡᠴᠠ ᠪᠠᠨ ᠬᠤᠴᠤᠷᠤᠯ ᠦᠭᠡᠶ ᠰᠤᠶᠤᠯᠵᠢ
ᠮᠡᠳᠡᠯᠭᠡ ᠮᠡᠷᠭᠡᠵᠢᠯ ᠢ ᠭᠦᠭᠡᠭᠡᠴᠡᠯᠳᠦᠵᠤ ᠰᠤᠶᠤᠯᠵᠢ
ᠮᠦᠷᠥᠢᠴᠡᠭᠡᠨ ᠣᠷᠤᠯᠳᠤᠭᠠᠨ ᠲᠡᠶ ᠳᠦᠷᠭᠡᠭᠡᠨ ᠰᠤᠶᠤᠯᠵᠢ︕
ᠰᠤᠶᠤᠯᠵᠢ᠂ ᠰᠤᠶᠤᠯᠵᠢ︕
ᠮᠤᠩᠭ᠋ᠤᠯ ᠮᠢᠨᠢ ᠪᠦᠭᠦᠳᠡᠭᠡᠷ ᠶᠢᠡᠨ ᠰᠤᠶᠤᠯᠵᠢ︕
ᠨᠤᠮ ᠰᠤᠳᠤᠷ ᠲᠡᠶ ᠬᠠᠨᠢᠯᠠᠩᠬᠠᠨ ᠰᠤᠶᠤᠯᠵᠢ
ᠨᠣᠢ᠌ᠷᠠᠮᠠᠭ ᠵᠡᠭᠦᠷᠮᠡᠭᠯᠡᠯ ᠡᠴᠠ ᠪᠠᠨ ᠰᠡᠷᠡᠩᠭᠡᠨ ᠰᠤᠶᠤᠯᠵᠢ
ᠴᠠᠭ ᠮᠦᠴᠡ ᠶᠢ ᠨᠠᠠᠳᠢᠩᠨᠠᠩᠬᠠᠨ ᠰᠤᠶᠤᠯᠵᠢ
ᠴᠠᠯᠠᠭᠠᠢ ᠪᠣᠷᠤᠭᠤ ᠦᠭᠡᠶ ᠭᠦᠰᠡᠯᠡᠩᠳᠡᠢ᠌ᠭᠡᠨ ᠰᠤᠶᠤᠯᠵᠢ︕
ᠰᠤᠶᠤᠯᠵᠢ᠂ ᠰᠤᠶᠤᠯᠵᠢ︕
ᠮᠤᠩᠭ᠋ᠤᠯ ᠮᠢᠨᠢ ᠪᠦᠭᠦᠳᠡᠭᠡᠷ ᠶᠢᠡᠨ ᠰᠤᠶᠤᠯᠵᠢ︕
ᠠᠰᠢᠭ ᠡᠷᠭᠡ ᠳᠤ ᠰᠢᠨᠤᠯ ᠦᠭᠡᠶ ᠰᠤᠶᠤᠯᠵᠢ
ᠠᠯᠳᠠᠷ ᠭᠦᠡᠳᠤ ᠪᠠᠨ ᠳᠠᠭᠤᠷᠢᠰᠤᠭᠤᠯᠤᠨ ᠰᠤᠶᠤᠯᠵᠢ
ᠠᠯᠵᠠᠭᠤ ᠬᠠᠨᠤᠮᠰᠢᠭᠤ ᠦᠭᠡᠶ ᠴᠢᠷᠮᠠᠢ᠌ᠨ ᠰᠤᠶᠤᠯᠵᠢ
ᠠᠵᠠ ᠵᠠᠪᠰᠢᠶᠠᠨ ᠢ ᠠᠯᠳᠠᠯ ᠦᠭᠡᠶ ᠰᠤᠶᠤᠯᠵᠢ ᠡ︕
ᠵᠤᠬᠢᠶᠠᠭᠴᠢ ᠶᠢᠨ ᠬᠠᠶᠢᠭ ᠄ ᠭᠡᠰᠢᠭ᠍ᠳᠡᠨ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ
ᠵᠤᠬᠢᠶᠠᠭᠴᠢ᠄ ᠪᠦᠬᠡᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2633
ᠴᠠᠭ᠄ 2010 ᠤᠨ ᠤ 04 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ