☆ ᠴ·ᠪᠠᠪᠣᠳᠤᠷᠵᠢ
ᠬᠦᠷᠡᠯ ᠴᠢᠨ᠋ᠸ᠎ᠠ
(2001 ᠤᠨ ᠤ《ᠪᠤᠯᠤᠷ ᠴᠤᠮᠤ》 ᠱᠠᠩᠨᠠᠯᠲᠤ ᠰᠢᠯᠦᠭ)
ᠭᠦᠷᠡᠯ ᠴᠢᠨ᠋ᠸ᠎ᠠ ᠣᠯᠢᠨ᠎ᠠ
ᠳᠡᠭ᠍ᠷᠢ ᠭᠠᠵᠠᠷ ᠳᠡᠮᠳᠡᠭᠷᠡᠬᠦ
ᠳᠠᠷᠠ ᠾᠦᠩᠨᠦ ᠨᠤᠳᠤᠭ ᠲᠤ ᠬᠦᠷᠲᠡᠯ᠎ᠡ
ᠴᠢᠨ᠋ᠸ᠎ᠠ ᠣᠯᠢᠨ᠎ᠠ
ᠵᠢᠪᠠᠷ ᠲᠡᠶ ᠪᠣᠯᠤᠭᠠᠳ ᠣᠶᠠᠷᠠᠯ ᠲᠡᠶ ᠡᠨᠡ ᠣᠯᠢᠶᠠᠨ ᠳᠤ
ᠡᠨᠡᠯᠭᠦ ᠴᠤ ᠭᠡᠴᠡᠭᠦᠤ ᠡᠷᠡᠭᠡᠯᠵᠡᠭᠦ ᠴᠤ ᠭᠡᠴᠡᠭᠦᠤ
ᠮᠤᠷᠢᠨ ᠴᠢᠨᠡᠭᠡ ᠭᠦᠷᠡᠯ ᠴᠢᠨ᠋ᠸ᠎ᠠ
ᠮᠤᠩᠭ᠋ᠤᠯ ᠶᠢᠡᠷ ᠳᠦᠭᠦᠷᠡᠩ ᠣᠯᠢᠨ᠎ᠠ
ᠬᠠᠨ ᠭᠡᠨᠳᠡᠢ ᠳᠠᠢ᠌ᠪᠢᠵᠤ ᠰᠤᠨᠤᠰᠤᠨ᠎ᠠ
ᠬᠠᠳᠤᠨ ᠭᠡᠷᠦᠯᠤᠨ ᠴᠠᠯᠭᠢᠵᠤ ᠰᠤᠨᠤᠰᠤᠨ᠎ᠠ
ᠵᠠᠬ᠎ᠠ ᠦᠭᠡᠶ ᠮᠡᠨᠠᠨ ᠠᠯᠳᠠᠯᠠᠵᠤ ᠰᠤᠨᠤᠰᠤᠨ᠎ᠠ
ᠴᠠᠰᠤᠳᠤ ᠸᠴᠢᠷᠪᠠᠨᠢ ᠳᠤᠭᠰᠢᠷᠠᠵᠤ ᠰᠤᠨᠤᠰᠤᠨ᠎ᠠ
ᠭᠦᠷᠡᠯ ᠴᠢᠨ᠋ᠸ᠎ᠠ ᠣᠯᠢᠨ᠎ᠠ
ᠭᠦᠭᠡ ᠰᠤᠪᠢᠩᠲᠤ ᠬᠦᠯᠦᠭ᠂ ᠡᠷ᠎ᠡ ᠬᠤᠶᠠᠷ ᠡᠴᠡ ᠥᠭᠡᠷ᠎ᠡ
ᠭᠦᠷᠦᠰᠦᠳᠤ ᠳᠤ ᠭᠡᠨ ᠴᠤ ᠰᠤᠨᠤᠰᠬᠤ ᠦᠭᠡᠶ᠂ ᠰᠤᠨᠤᠰᠳᠠᠬᠤ ᠦᠭᠡᠶ
ᠭᠦᠷᠡᠯ ᠴᠢᠨ᠋ᠸ᠎ᠡ ᠣᠯᠢᠨ᠎ᠠ
ᠶᠡᠭᠡ ᠳᠠᠢ᠌ᠠᠴᠢ ᠬᠠᠷ᠎ᠠ ᠢᠯᠳᠤ ᠰᠢᠭ᠌ ᠴᠢᠨ᠋ᠸ᠎ᠠ ᠶᠢᠨ ᠣᠯᠢᠶᠠᠨ ᠳᠤ
ᠡᠨᠡ ᠳᠡᠯᠡᠭᠡᠢ ᠳᠠᠭᠵᠢᠨ ᠴᠠᠴᠠᠷᠠᠵᠤ
ᠪᠦᠰᠡ ᠪᠠᠨ ᠴᠢᠩᠭ᠋ᠠᠯᠠᠵᠤ ᠪᠠᠢ᠌ᠭᠰᠠᠨ ᠰᠠᠨᠠᠭᠳᠠᠨ᠎ᠠ
ᠪᠦᠦᠷ ᠳᠦᠤᠷ ᠳᠠᠢ᠌ᠮᠤ ᠰᠤᠪᠢᠩ ᠬᠠᠶᠠ ᠳᠠᠳᠠᠨ᠎ᠠ
ᠭᠦᠷᠡᠯ ᠴᠢᠨ᠋ᠸ᠎ᠠ ᠣᠯᠢᠨ᠎ᠠ
ᠮᠤᠯᠴᠤᠭᠯᠠᠭᠰᠠᠨ ᠳᠠᠭᠠᠭᠢ ᠶᠢ ᠡᠪᠠᠢ᠌ᠯᠵᠤ ᠣᠯᠢᠨ᠎ᠠ
ᠮᠤᠳᠤᠨ ᠴᠠᠨ ᠢᠤᠢ ᠶᠢ ᠮᠤᠷᠳᠠᠭᠤᠯᠵᠤ ᠣᠯᠢᠨ᠎ᠠ
ᠢᠰᠡᠭᠡᠢ ᠭᠦᠷᠤᠨ ᠢ ᠬᠤᠷᠣᠢ᠌ᠯᠠᠵᠤ ᠣᠯᠢᠨ᠎ᠠ
ᠶᠡᠬᠡ ᠬᠠᠷ᠎ᠠ ᠰᠦᠯᠳᠡ ᠶᠢ ᠬᠤᠭᠤᠷᠳᠠᠵᠤ ᠤᠯᠢᠨᠠ
ᠰᠢᠨ᠎ᠠ ᠶᠢᠨ ᠬᠤᠶᠠᠷ ᠤᠨ ᠰᠡᠷᠡᠨ ᠲ᠋ᠡᠭᠡᠷ᠎ᠡ ᠤᠯᠢᠨᠡ
ᠰᠢᠬᠢᠬᠤᠳᠤᠭ ᠤᠨ ᠪᠠᠭᠤᠷᠢᠨ ᠳᠡᠭᠡᠷ᠎ᠡ ᠤᠴᠦᠢ᠌ᠵᠤ ᠣᠯᠢᠨ᠎ᠠ
ᠭᠦᠷᠡᠯ ᠴᠢᠨ᠋ᠸ᠎ᠠ ᠣᠯᠢᠨ᠎ᠠ
ᠠᠷᠤᠭ ᠲᠤ ᠬᠦᠦ ᠰᠠᠭᠤᠯᠭᠠᠭᠰᠠᠨ
ᠠᠴᠢᠶ᠎ᠠ ᠬᠦᠰᠭᠡ ᠶᠢ ᠪᠠᠷᠠᠭᠠᠳᠠᠵᠤ ᠤᠯᠢᠨᠠ
ᠠᠮᠤᠷ ᠠᠮᠤᠭᠤᠯᠠᠩ ᠤᠨ ᠬᠣᠢ᠌ᠮᠤᠷ ᠡᠴᠡ
ᠵᠡᠭᠦᠭ᠍ᠳᠡᠵᠤ ᠣᠯᠢᠨ᠎ᠠ
ᠴᠡᠭᠡᠵᠢᠨ ᠳᠤᠳᠤᠷ᠎ᠠ ᠣᠯᠢᠨ᠎ᠠ
ᠰᠡᠳᠭᠢᠯ ᠳᠤᠳᠤᠷ᠎ᠠ ᠣᠯᠢᠨ᠎ᠠ
ᠨᠢᠳᠤᠨ ᠳᠤ ᠬᠦᠬᠡ ᠭᠠᠯ ᠪᠣᠳᠠᠷᠠᠳᠠᠯ᠎ᠠ
ᠨᠢᠭᠤᠷ ᠲᠤ ᠶᠠᠭᠠᠨ ᠲᠦᠯᠦ ᠪᠠᠳᠠᠷᠠᠳᠠᠯᠠ
ᠴᠢᠨ᠋ᠸ᠎ᠠ ᠣᠯᠢᠨ᠎ᠠ
ᠰᠡᠭᠦᠯᠴᠢ ᠶᠢᠨ ᠪᠣᠯᠤᠨ ᠡᠭᠢᠨ ᠤ ᠡᠨᠡ ᠳᠡᠯᠡᠭᠡᠢ ᠳᠤ
ᠰᠦᠵᠢ ᠡᠩᠭᠦᠷᠡᠢ ᠣᠯᠢᠨ᠎ᠠ
ᠬᠠᠨ ᠤᠷᠴᠢᠯᠠᠩ ᠢ ᠴᠤᠤᠷᠢᠶᠠᠳᠤᠲᠠᠯᠠ ᠤᠯᠢᠪᠠ ᠭᠡᠵᠦ ᠡᠮᠢᠶᠡᠬᠦ ᠳᠤ
ᠬᠠᠷᠢᠨ ᠦᠭᠡᠢ
ᠰᠡᠮᠡᠷᠭᠡᠢ ᠶᠢ ᠨᠢ ᠭᠦᠪᠦᠷᠳᠡᠵᠤ ᠣᠯᠢᠨ᠎ᠠ
ᠬᠠᠭᠠᠨ ᠭᠦᠷᠤᠨ ᠤ ᠳᠡᠭ᠍ᠷᠢ ᠶᠢ ᠬᠠᠷᠠᠮᠠᠯᠵᠤ ᠣᠯᠢᠨ᠎ᠠ
ᠳᠡᠯᠭᠡᠵᠦ ᠣᠯᠢᠨ᠎ᠠ
ᠨᠠᠳᠠ ᠲᠡᠶ ᠬᠠᠮᠳᠤ ᠲᠦᠷᠦᠵᠤ ᠣᠯᠢᠭᠰᠠᠨ ᠭᠦᠷᠡᠯ ᠴᠢᠨ᠋ᠸ᠎ᠠ
ᠨᠠᠷᠠ ᠲᠡᠶ ᠬᠠᠮᠳᠤ ᠦᠯᠠᠳᠠᠵᠤ ᠣᠯᠢᠬᠤ ᠭᠦᠷᠡᠯ ᠴᠢᠨ᠋ᠸ᠎ᠠ
ᠨᠤᠮᠤ ᠰᠢᠭ ᠣᠯᠢᠨ᠎ᠠ
ᠰᠤᠮᠤ ᠰᠢᠭ ᠣᠯᠢᠨ᠎ᠠ
ᠮᠤᠷᠢᠨ ᠴᠢᠨᠡᠭᠡ ᠭᠦᠷᠡᠯ ᠴᠢᠨ᠋ᠸ᠎ᠠ
ᠮᠤᠩᠭ᠋ᠤᠯ ᠶᠢᠡᠷ ᠳᠦᠭᠦᠷᠡᠩ ᠣᠯᠢᠨ᠎ᠠ
ᠭᠤᠷᠪᠠᠨ ᠵᠠᠭᠤᠨ ᠶᠠᠰᠤᠨ ᠤ ᠮᠢᠨᠢ
ᠠᠯᠳᠠᠨ ᠵᠠᠭᠠᠳᠠᠯ ᠪᠦᠭᠦᠨ ᠰᠠᠯᠵᠤ ᠰᠤᠨᠤᠰᠤᠨ᠎ᠠ
ᠨᠠᠢ᠌ᠯᠠᠵᠤ ᠰᠤᠨᠤᠰᠤᠨ᠎ᠠ
ᠭᠤᠴᠢᠨ ᠦᠶ᠎ᠡ ᠶᠢᠨ ᠳᠡᠭᠡᠳᠦᠰ ᠮᠢᠨᠢ ᠰᠠᠷᠢᠵᠤ ᠰᠤᠨᠤᠰᠤᠨ᠎ᠠ
ᠪᠣᠰᠴᠤ ᠰᠤᠨᠤᠰᠤᠨ᠎ᠠ
ᠭᠦᠷᠡᠯ ᠴᠢᠨ᠋ᠸ᠎ᠠ ᠣᠯᠢᠨ᠎ᠠ᠂
ᠭᠦᠷᠦᠰᠦᠳᠤ ᠡᠨᠡ ᠣᠷᠴᠢᠯᠠᠩ ᠳᠡᠭᠡᠷ᠎ᠡ
ᠭᠦᠭᠡ ᠳᠡᠭ᠍ᠷᠢ ᠣᠯᠢᠨ᠎ᠠ
ᠣᠯᠢᠨ᠎ᠠ ᠁ ᠴᠢᠨ᠋ᠸ᠎ᠠ ᠣᠯᠢᠨ᠎ᠠ
ᠵᠤᠬᠢᠶᠠᠭᠴᠢ᠄ ᠴ·ᠪᠠᠪᠣᠳᠤᠷᠵᠢ
ᠢᠷᠡᠯᠲᠡ᠄ ᠮᠢ᠊·ᠨᠠᠷᠠᠨ ᠬᠠᠩᠭ᠋ᠠᠪᠠ
ᠬᠠᠷᠢᠶ᠎ᠠ᠄
ᠰᠢᠯᠦᠭᠳᠠᠷᠤᠮ᠄ 2638
ᠴᠠᠭ᠄ 2008 ᠤᠨ ᠤ 12 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ