ᠨᠡᠪᠲᠡᠷᠡᠨ ᠤᠷᠤᠬᠤ
ᠮᠤᠩᠭ᠋ᠤᠯ ᠪᠦᠭᠡ ᠶᠢᠨ ᠳᠦᠷᠰᠦᠯᠠᠯ

《ᠭᠠᠷ ᠭᠠᠷ ᠡᠴᠡ ᠪᠠᠨ ᠠᠳᠬᠤᠵᠤ

ᠭᠠᠵᠠᠷ ᠨᠤᠷᠠᠮᠠᠷ ᠳᠤᠯᠤᠯᠳᠤᠵᠤ

ᠵᠤᠳᠤᠭ ᠵᠤᠳᠤᠭ ᠡᠴᠡ ᠪᠠᠨ ᠠᠪᠴᠤ

ᠵᠢᠭᠤᠷᠠᠯᠳᠤᠨ ᠭᠦᠩᠭᠦᠵᠤ ᠠᠴᠢᠯᠳᠤᠵᠤ

ᠴᠢᠳᠠᠯ ᠴᠢᠳᠠᠯ ᠶᠢᠡᠨ ᠭᠠᠷᠭᠠᠵᠤ

ᠴᠠᠯᠵᠢ᠌ᠳᠠᠯ᠎ᠠ ᠴᠠᠯᠵᠢ᠌ᠳᠠᠯ᠎ᠠ ᠳᠤᠭᠳᠤᠷᠴᠤ

ᠡᠷᠳᠡᠮ ᠮᠡᠭᠡ ᠪᠠᠨ ᠭᠡᠷᠡᠭᠯᠡᠨ

ᠡᠷᠭᠢᠳᠡᠯ᠎ᠡ ᠡᠷᠭᠢᠳᠡᠯ᠎ᠡ ᠬᠠᠪᠰᠤᠷᠴᠤ

ᠭᠦᠴᠤᠨ ᠭᠦᠴᠤᠨ ᠶᠢᠡᠨ ᠳᠠᠩᠰᠠᠵᠤ

ᠭᠦᠯ ᠭᠦᠯ ᠶᠢᠡᠨ ᠭᠤᠬᠠᠳᠠᠵᠤ

ᠠᠳᠬᠤᠯᠴᠠᠭᠰᠠᠨ ᠭᠠᠵᠠᠷ ᠡᠴᠡ ᠨᠢ

ᠠᠯᠳᠠᠨ ᠳᠤᠪᠣᠷᠤᠤ ᠨᠢ ᠪᠣᠳᠠᠷᠠᠨ ᠣᠨᠠᠵᠤ

ᠮᠤᠰᠭᠢᠯᠳᠤᠭᠰᠠᠨ ᠭᠠᠵᠠᠷ ᠡᠴᠡ ᠨᠢ

ᠮᠥᠩᠭᠦᠨ ᠳᠤᠯᠢ ᠨᠢ ᠬᠤᠪᠬᠤᠷᠠᠵᠤ ᠁》

《ᠭᠤᠷᠪᠠᠨ ᠨᠠᠰᠤᠳᠠᠢ ᠭᠤᠨᠠᠭᠠᠨ ᠣᠯᠠᠭᠠᠨ ᠪᠠᠭᠠᠳᠤᠷ》 ᠡᠴᠡ


《ᠪᠠᠷᠠᠭᠠᠨ ᠤ ᠵᠢᠷᠦᠭᠡᠨ ᠤ ᠪᠠᠬ᠎ᠠ ᠶᠢ

ᠪᠠᠷᠢᠯᠳᠤᠭ᠎ᠠ ᠪᠠᠷ ᠳᠠᠷᠤᠵᠤ

ᠴᠢᠰᠤᠨ ᠵᠢᠷᠦᠭᠡᠨ ᠤ ᠴᠢᠳᠠᠯ ᠢ

ᠳᠤᠯᠤᠯᠳᠤᠭ᠎ᠠ ᠪᠠᠷ ᠰᠢᠯᠭᠠᠬᠤ ᠭᠡᠵᠤ

ᠨᠠᠷᠠᠨ ᠵᠦᠪ ᠡᠷᠭᠢᠯᠳᠦᠪᠡ᠂

ᠨᠠᠭᠢᠰ ᠬᠤᠳᠤᠰ ᠳᠠᠳᠠᠯᠳᠤᠪᠠ᠃

ᠪᠣᠭᠤ ᠰᠢᠩᠭᠢ ᠣᠯᠢᠯᠳᠤᠪᠠ᠂

ᠡᠯᠢᠶ᠎ᠡ ᠰᠢᠩᠭᠢ ᠡᠯᠢᠯᠳᠦᠪᠡ᠃

ᠳᠤᠯᠤᠯᠳᠤᠵᠤ ᠣᠷᠤᠯᠴᠠᠪᠠ᠃

ᠳᠤᠷᠰᠢᠯᠳᠤᠵᠤ ᠮᠠᠳᠠᠯᠴᠠᠪᠠ᠃

ᠬᠠᠳᠠᠭᠠᠢ ᠰᠢᠩᠭᠢ ᠬᠠᠳᠤᠷᠤᠯᠳᠤᠪᠠ᠂

ᠬᠠᠷᠴᠠᠭᠠᠢ ᠰᠢᠩᠭᠢ ᠱᠤᠮᠠᠢ᠌ᠯᠳᠤᠪᠠ᠃

ᠳᠡᠭ᠍ᠷᠢ ᠡᠴᠡ ᠠᠪᠤᠨ ᠳᠠᠮᠠᠴᠠᠯᠳᠤᠵᠤ

ᠳᠡᠭ᠍ᠰᠢ ᠰᠠᠢ᠌ᠨ ᠳᠤ ᠪᠠᠨ ᠳᠤᠭᠳᠠᠪᠠ᠃

ᠭᠠᠵᠠᠷ ᠡᠴᠡ ᠠᠪᠤᠨ ᠨᠤᠴᠤᠯᠳᠤᠵᠤ

ᠭᠠᠪᠰᠢᠭᠠᠢ ᠰᠠᠢ᠌ᠨ ᠳᠤ ᠪᠠᠨ ᠳᠤᠭᠳᠠᠪᠠ᠃

ᠦᠨᠳᠦᠷ ᠳᠡᠭᠦᠯᠢᠮ᠎ᠡ ᠳᠡᠭ᠍ᠷᠢ

ᠭᠢᠵᠠᠭᠠᠷ ᠶᠢᠡᠷ ᠶᠢᠡᠨ ᠳᠤᠩᠰᠤᠯᠵᠤ᠂

ᠦᠷᠭᠡᠨ ᠥᠡᠴᠦᠭ᠌ ᠳᠡᠯᠡᠭᠡᠢ

ᠭᠦᠷᠦᠰᠤᠨ ᠡᠴᠡ ᠪᠠᠨ ᠭᠦᠳᠡᠯᠪᠡ᠃》

《ᠠᠪᠠᠢ ᠭᠡᠰᠡᠷ ᠭᠦᠪᠠᠭᠦᠨ》 ᠡᠴᠡ


《ᠭᠡᠷᠦᠭᠦᠯᠵᠤ ᠢᠷᠡᠭᠡᠳ ᠬᠠᠪᠰᠤᠷᠴᠤ ᠪᠠᠢ᠌ᠨ᠎ᠠ᠂

ᠭᠡᠢ ᠢᠷᠡᠭᠡᠳ ᠭᠤᠬᠠᠳᠠᠵᠤ ᠪᠠᠢ᠌ᠨ᠎ᠠ

ᠠᠷᠤ ᠭᠤᠬ᠎ᠠ ᠭᠢᠭᠡᠳ ᠲᠦᠯᠭᠢᠵᠤ ᠪᠠᠢ᠌ᠨ᠎ᠠ

ᠠᠴᠢᠵᠤ ᠢᠷᠡᠭᠡᠳ ᠪᠣᠯᠭᠢᠵᠤ ᠪᠠᠢ᠌ᠨ᠎ᠠ᠃

ᠮᠠᠳᠠᠷᠢᠳᠠᠯ᠎ᠠ ᠳᠠᠳᠠᠭᠠᠤᠨ ᠣᠨᠠᠭᠠᠨ᠎ᠠ ᠭᠡᠳ

ᠮᠠᠭᠰᠢᠨ ᠮᠠᠭᠰᠢᠨ ᠣᠷᠤᠵᠤ ᠪᠠᠢ᠌ᠨ᠎ᠠ

ᠮᠠᠨ ᠤ ᠳᠠᠨ ᠤ ᠬᠤᠶᠠᠷ ᠪᠦᠭᠡ

ᠮᠠᠢ᠌ᠳᠠᠨ᠎ᠠ ᠭᠡᠰᠡᠨ ᠵᠥᠭᠡᠷ ᠡ᠃

ᠭᠦᠰᠢᠵᠤ ᠭᠢᠭ᠍ᠰᠡᠨ ᠭᠦᠯ ᠶᠢᠡᠨ

ᠭᠦᠴᠦᠯᠡᠨ ᠰᠤᠭᠤᠯᠤᠭᠠᠤᠨ ᠠᠪᠣᠯ᠎ᠠ᠂

ᠭᠦᠷᠪᠠᠳᠡᠯ᠎ᠡ ᠳᠠᠷᠤᠭᠠᠤᠨ ᠣᠨᠠᠭᠠᠨ᠎ᠠ ᠭᠡᠳ

ᠭᠦᠴᠤᠨ ᠴᠢᠳᠠᠯ ᠶᠢᠡᠨ ᠭᠠᠷᠭᠠᠵᠤ ᠪᠠᠢ᠌ᠨ᠎ᠠ᠃

ᠠᠴᠢ ᠶᠢᠨ ᠳᠠᠯ᠎ᠠ ᠳᠤ ᠪᠠᠨ ᠠᠪᠣᠨ᠎ᠠ ᠭᠡᠳ

ᠠᠰᠠᠷ ᠤᠨ ᠬᠠᠢ᠌ᠴᠢᠩ ᠴᠢᠷᠮᠠᠢ᠌ᠵᠤ ᠪᠠᠢ᠌ᠨ᠎ᠠ᠃

ᠠᠴᠢᠵᠤ ᠠᠪᠣᠭᠠᠤᠨ ᠪᠢᠯᠠᠭᠤᠳᠠᠨ᠎ᠠ ᠭᠡᠳ

ᠠᠭᠰᠢᠷᠠᠭᠰᠠᠨ ᠪᠣᠭᠢᠷ ᠰᠢᠬᠠᠮᠳᠠᠭᠤᠯᠵᠤ ᠪᠠᠢ᠌ᠨ᠎ᠠ᠃

ᠡᠪ ᠤᠨ ᠳᠠᠯ᠎ᠠ ᠳᠤ ᠪᠠᠨ ᠠᠪᠣᠨ᠎ᠠ ᠭᠡᠳ

ᠡᠪᠦᠭᠡᠨ ᠪᠣᠭᠢᠷ ᠴᠢᠷᠮᠠᠢ᠌ᠵᠤ ᠪᠠᠢ᠌ᠨ᠎ᠠ

ᠥᠩᠭᠦᠷᠢᠵᠤ ᠣᠨᠠᠳᠠᠯ᠎ᠠ ᠬᠠᠶᠠᠨ᠎ᠠ ᠭᠡᠳ

ᠦᠨᠦᠭᠢ ᠬᠠᠢ᠌ᠴᠢᠩ ᠳᠠᠮᠠᠴᠠᠵᠤ ᠪᠠᠢ᠌ᠨ᠎ᠠ᠃》

《ᠠᠰᠠᠷ ᠴᠠᠭᠠᠨ ᠬᠠᠢ᠌ᠴᠢᠩ》 ᠡᠴᠡ

ᠵᠤᠬᠢᠶᠠᠭᠴᠢ᠄ ᠤᠶᠤᠨᠭᠡᠷᠡᠯ ᠡᠮᠭᠢᠦᠡᠭᠡᠪᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 7475
ᠴᠠᠭ᠄ 2010 ᠤᠨ ᠤ 04 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ