☆ ᠡ᠊·ᠳᠠᠮᠤᠷ
ᠰᠡᠮᠡᠷᠭᠡᠢ ᠳᠡᠷᠯᠢᠭ᠌
ᠮᠤᠩᠭ᠋ᠤᠯ
ᠶᠢᠷᠳᠢᠠᠴᠤ ᠬᠠᠷᠠᠭᠰᠠᠨ ᠡᠷ᠎ᠡ ᠨᠢ ᠪᠣᠰᠤᠭ᠎ᠠ
ᠶᠢᠷᠳᠢᠠᠴᠤ ᠬᠠᠷᠠᠭᠤᠯᠤᠭᠰᠠᠨ ᠥᠰᠦᠭ᠌ ᠨᠢ ᠪᠣᠰᠤᠭ᠎ᠠ
ᠠᠯᠬᠤᠵᠤ ᠶᠠᠪᠣᠭᠰᠠᠨ ᠭᠦᠮᠦᠰ ᠨᠢ ᠪᠣᠰᠤᠭ᠎ᠠ
ᠭᠦᠯ ᠳᠤ ᠣᠷᠤᠭᠤᠯᠤᠭᠰᠠᠨ ᠭᠤᠯᠤᠮᠳᠠ ᠨᠢ ᠪᠣᠰᠤᠭ᠎ᠠ
ᠰᠦᠯᠵᠢᠵᠤ ᠣᠶᠠᠭᠰᠠᠨ ᠬᠠᠨ᠎ᠠ ᠨᠢ ᠪᠣᠰᠤᠭ᠎ᠠ
ᠨᠠᠷᠠ ᠪᠠᠨ ᠳᠤᠯᠤᠭᠰᠠᠨ ᠳᠤᠭᠤᠨᠤ ᠨᠢ ᠪᠣᠰᠤᠭ᠎ᠠ
ᠬᠠᠨ᠎ᠠ ᠳᠦᠰᠢᠭᠦᠯᠦᠭ᠍ᠰᠡᠨ ᠣᠷᠭ᠎ᠠ ᠨᠢ ᠪᠣᠰᠤᠭ᠎ᠠ
ᠬᠠᠨ ᠳᠡᠯᠡᠭᠡᠢ ᠳᠤ ᠮᠤᠩᠭ᠋ᠤᠯ ᠮᠢᠨᠢ ᠪᠣᠰᠤᠭ᠎ᠠ
ᠭᠤᠳᠤᠯ
ᠪᠣᠯᠢᠭᠠᠷᠢ ᠭᠤᠳᠤᠯ ᠭᠦᠡᠳᠤ ᠶᠢᠨ ᠣᠴᠢᠷ
ᠠᠵᠢᠯ ᠡᠴᠡ ᠪᠠᠨ 《ᠲ᠋ᠠᠷᠬᠠᠯᠠᠭᠳᠠᠪᠠ》
ᠠᠪᠳᠠᠷ᠎ᠠ ᠳᠤᠤᠷ᠎ᠠ ᠣᠷᠤᠩᠨᠠᠭᠰᠠᠨ ᠴᠢᠨᠢ
ᠬᠤᠯᠤᠭᠠᠨ᠎ᠠ ᠡᠭᠦᠷᠯᠡᠪᠡ
ᠠᠳᠤᠭᠤ
ᠡᠷᠡᠰ ᠬᠠᠳᠠᠭᠤ ᠠᠷᠠᠠᠰᠢᠨ ᠨᠢ
ᠡᠳᠡᠭᠡᠳ ᠮᠠᠭᠤᠬᠠᠢ ᠰᠠᠨᠠᠭᠳᠠᠵᠤ
ᠴᠥᠯᠡᠯᠭᠡᠨ ᠳᠤ ᠭᠠᠷᠴᠤ
ᠡᠮᠦᠨᠡᠳᠤ ᠣᠷᠤᠨ ᠶᠢᠡᠷ
《ᠵᠢᠭᠤᠯᠴᠢᠯᠠᠨ᠎ᠠ》
ᠴᠢᠨ᠋ᠸ᠎ᠠ
ᠦᠴᠦᠭᠡᠳᠦᠷ ᠤᠨ ᠮᠠᠯᠳᠠᠭᠤᠷᠴᠢᠨ
ᠦᠨᠦᠳᠤᠷ 《ᠲ᠋ᠤᠲ᠋ᠸᠮ》 ᠵᠢᠩᠰᠡ ᠵᠡᠭᠦᠵᠤ
ᠮᠤᠩᠭ᠋ᠤᠯᠴᠤᠳ ᠤᠨ ᠳᠤᠮᠳᠠ
ᠰᠠᠭᠰᠠᠭᠤᠷᠠᠵᠤ ᠶᠠᠪᠣᠨ᠎ᠠ
ᠴᠠᠭ ᠳᠦᠷᠤ ᠭᠡᠵᠤ ᠁
ᠨᠤᠳᠤᠭ
ᠮᠡᠷᠭᠡᠨ ᠭᠦᠮᠤᠨ ᠤ ᠳᠤᠯᠤᠭᠠᠢ ᠬᠠᠯᠴᠠᠭᠠᠢ
ᠮᠤᠩᠬᠠᠭ ᠭᠦᠮᠤᠨ ᠤ ᠴᠡᠭᠡᠵᠢ ᠬᠠᠯᠴᠠᠭᠠᠢ
ᠮᠠᠨ ᠤ ᠨᠤᠳᠤᠭ ᠤᠨ ᠠᠭᠤᠯᠠ ᠬᠠᠯᠴᠠᠭᠠᠢ
ᠭᠠᠳᠠ ᠮᠠᠢ᠌ᠷᠠᠨ
《ᠭᠠᠳᠠ ᠮᠠᠢ᠌ᠷᠠᠨ》 ᠬᠤᠭᠤᠯᠠᠨ ᠭᠡᠷ ᠡᠷᠭᠢᠯᠡᠵᠤ
ᠵᠠᠰᠠᠭ ᠤᠨ ᠨᠤᠶᠠᠤᠨ ᠲᠤ
ᠦᠨ᠎ᠡ ᠦᠭᠡᠶ ᠪᠠᠷ
ᠪᠦᠭᠦᠯᠢ ᠰᠢᠭᠦᠰᠤ ᠳᠠᠪᠠᠭᠯᠠᠨᠠ
ᠬᠠᠶᠠᠭᠠᠨ ᠳᠤ ᠨᠢ ᠡᠯᠭᠦᠭ᠍ᠳᠡᠭ᠍ᠰᠡᠨ
ᠴᠢᠩᠭᠢᠰ ᠬᠠᠭᠠᠨ ᠤ ᠭᠦᠷᠦᠭ᠌
ᠳᠠᠯᠪᠠᠷᠠᠳᠠᠯ᠎ᠠ ᠠᠭᠤᠷᠯᠠᠪᠠ
ᠨᠢ᠋ᠮᠠᠨ ᠵᠠᠭᠤᠨ ᠵᠢᠯ ᠤᠨ ᠡᠮᠦᠨ᠎ᠡ ᠪᠣᠯᠤᠭᠰᠠᠨ ᠪᠣᠯ
ᠭᠦᠯᠦᠭ᠌ ᠤᠨ ᠶᠢᠡᠨ ᠳᠤᠭᠤᠷᠠᠢ ᠪᠠᠷ
ᠭᠡᠮᠭᠡᠯᠡᠭᠦ ᠶᠤᠮᠰᠠᠨ ᠭᠡᠳ
ᠰᠡᠭᠦᠷᠡᠰᠦᠯᠡᠪᠡ ᠁
ᠵᠤᠬᠢᠶᠠᠭᠴᠢ ᠶᠢᠨ ᠬᠠᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ
ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2011 ᠤᠨ ᠤ 04 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ