☆ ᠬᠤᠷᠳᠤᠨ
ᠳᠡᠯᠡᠭᠡᠢ ᠵᠠᠶᠠᠭᠠᠭᠰᠠᠨ ᠬᠤᠩᠭ᠋ᠤᠷ ᠮᠢᠨᠢ
ᠰᠠᠠᠰᠠᠷ ᠲᠤ ᠰᠠᠭᠤᠭᠰᠠᠨ ᠣᠳᠤᠳ ᠤᠨ ᠨᠢᠭᠡ ᠨᠢ
ᠰᠠᠨᠠᠭᠠᠨ ᠳᠤ ᠰᠠᠭᠤᠭᠰᠠᠨ ᠪᠣᠳᠤᠯ ᠮᠢᠨᠢ ᠪᠢᠯᠠ
ᠵᠠᠶᠠᠭᠠᠨ ᠳᠤ ᠵᠠᠰᠠᠭᠰᠠᠨ ᠵᠤᠯ ᠵᠢᠷᠭᠠᠯ ᠮᠢᠨᠢ
ᠵᠠᠩ ᠰᠠᠢ᠌ᠳᠠᠢ ᠪᠦᠰᠡᠭᠦᠢ ᠮᠢᠨᠢ ᠪᠢᠯᠠ᠂
ᠬᠤᠷᠸ᠎ᠠ ᠶᠢᠨ ᠣᠯᠠᠨ ᠴᠢᠯᠠᠭᠤᠳ ᠤᠨ ᠨᠢᠭᠡ ᠨᠢ
ᠬᠤᠯᠪᠣᠷᠢᠬᠤ ᠦᠭᠡᠶ ᠰᠡᠳᠭᠢᠯ ᠤᠨ ᠮᠢᠨᠢ ᠢᠳᠠ ᠪᠢᠯᠠ
ᠬᠠᠪᠣᠷ ᠲᠤ ᠮᠢᠰᠢᠶᠡᠭ᠍ᠰᠡᠨ ᠴᠡᠴᠡᠭᠡᠰ ᠤᠨ ᠨᠢᠭᠡ ᠨᠢ
ᠬᠠᠨ ᠳᠡᠯᠡᠭᠡᠢ ᠡᠴᠠ ᠵᠠᠶᠠᠭᠠᠭᠰᠠᠨ ᠬᠤᠩᠭ᠋ᠤᠷ ᠮᠢᠨᠢ ᠪᠢᠯᠠ᠂
ᠨᠠᠮᠤᠷ ᠤᠨ ᠴᠡᠯᠭᠡᠷᠡᠭ᠍ᠰᠡᠨ ᠢᠨᠢᠶᠠᠳᠤ ᠶᠢᠨ ᠨᠢᠭᠡ ᠨᠢ
ᠨᠠᠳᠠᠳᠤ ᠰᠤᠶᠤᠷᠬᠠᠭᠰᠠᠨ ᠬᠤᠷᠢᠶᠠᠯᠳᠠ ᠨᠢ ᠪᠢᠯᠠ
ᠨᠠᠢ᠌ᠷ ᠬᠠᠢ᠌ᠷ᠎ᠠ ᠪᠢᠯᠬᠠᠭᠰᠠᠨ ᠡᠷᠦᠭᠡ ᠳᠤ ᠮᠢᠨᠢ
ᠨᠠᠷᠠᠳᠤ ᠶᠢᠨ ᠰᠦᠯᠵᠢᠶ᠎ᠠ ᠵᠠᠯᠭᠠᠭᠰᠠᠨ ᠪᠦᠰᠡᠭᠦᠢ ᠮᠢᠨᠢ ᠪᠢᠯᠠ᠂
ᠵᠤᠳ ᠶᠢᠡᠨ ᠮᠠᠷᠳᠠᠭᠰᠠᠨ ᠣᠯᠢᠷᠢᠯ ᠤᠨ ᠨᠢᠭᠡ ᠨᠢ
ᠵᠤᠨ ᠳᠠᠭᠠᠨ ᠤᠢ᠌ᠷᠠᠬᠠᠨ ᠨᠠᠷᠠ ᠨᠢ ᠪᠢᠯᠠ
ᠵᠤᠪᠠᠭᠤᠷᠢ ᠵᠥᠳᠡᠭᠦᠷᠢ ᠲᠡᠶ ᠴᠠᠭ ᠲᠤ ᠮᠢᠨᠢ ᠬᠠᠨᠢᠯᠠᠭᠰᠠᠨ
ᠵᠤᠤᠬ᠎ᠠ ᠶᠢᠨ ᠢᠯᠴᠢ ᠰᠢᠭ ᠬᠠᠢ᠌ᠷ᠎ᠠ ᠭᠡᠷᠭᠡᠢ ᠮᠢᠨᠢ ᠪᠢᠯᠠ᠂
ᠴᠠᠭᠢᠯᠤᠭᠰᠠᠨ ᠰᠤᠯᠢᠷ ᠤᠳ ᠪᠠᠭᠳᠠᠭᠠᠬᠤ ᠨᠢ
ᠰᠠᠠᠰᠠᠷ ᠤᠨ ᠠᠭᠤᠳᠠᠮ ᠮᠠᠠᠳᠤᠯ ᠪᠢᠯᠠ
ᠴᠠᠯᠭᠢᠬᠤ ᠬᠤᠷᠸ᠎ᠠ ᠳᠤ ᠪᠦᠳᠦᠷᠢᠭᠦ ᠦᠶ᠎ᠡ ᠳᠤ ᠮᠢᠨᠢ
ᠴᠡᠭᠡᠵᠢ ᠪᠠᠷ ᠶᠢᠡᠨ ᠳᠤᠰᠬᠤ ᠨᠢ ᠭᠡᠷᠭᠡᠢ ᠮᠢᠨᠢ ᠪᠢᠯᠠ᠃
ᠵᠤᠬᠢᠶᠠᠭᠴᠢ ᠶᠢᠨ ᠬᠠᠶᠢᠭ ᠄ ᠬᠤᠪᠣᠭᠰᠠᠢ᠌ᠷᠢ ᠮᠤᠩᠭ᠋ᠤᠯ ᠥᠪᠠᠷᠳᠡᠭᠡᠨ ᠵᠠᠰᠠᠬᠤ ᠰᠢᠶᠠᠨ ᠤ ᠵᠠᠰᠠᠭ ᠤᠨ ᠣᠷᠳᠤᠨ ᠤ ᠠᠯᠪᠠᠨ ᠭᠡᠷ
ᠵᠤᠬᠢᠶᠠᠭᠴᠢ᠄ ᠬᠤᠷᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2634
ᠴᠠᠭ᠄ 2010 ᠤᠨ ᠤ 10 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ