ᠵᠤᠭ᠎ᠠ ᠥᠭᠡ
ᠪᠦᠸᠧ ᠪᠦᠸᠧ ᠬᠠᠢ᠌ᠯᠠᠢ ᠪᠦᠵᠦᠩ ᠳᠠᠤᠯᠠᠢ
ᠭᠡᠷ ᠭᠡᠷ ᠲᠤ ᠣᠷᠤᠭᠠᠤᠨ
ᠭᠡᠵᠢᠭᠡ ᠦᠰᠦ ᠪᠠᠨ ᠰᠠᠮᠨᠠᠭᠠᠤᠨ
ᠠᠢ᠌ᠯ ᠠᠢ᠌ᠯ ᠳᠤ ᠣᠷᠤᠭᠠᠤᠨ
ᠠᠢ᠌ᠷᠠᠭ ᠲᠡᠶ ᠬᠤᠭᠤᠯᠠ ᠢᠳᠡᠭᠡᠳ
ᠡᠳᠦᠷ ᠡᠳᠦᠷ ᠳᠤᠭᠤᠷᠢᠭᠠᠤᠨ
ᠦᠷᠦᠮ᠎ᠡ ᠲᠡᠶ ᠬᠤᠭᠤᠯᠠ ᠢᠳᠡᠭᠡᠳ
ᠳᠦᠭᠡ ᠳᠦᠭᠡ ᠪᠠᠷ ᠥᠰᠦᠭᠡᠳ
ᠳᠦᠷᠭᠡᠨ ᠶᠡᠭᠡ ᠪᠣᠯᠤᠶ᠎ᠠ᠃
· · · · · · · ·
ᠪᠣᠷᠤᠭᠠᠨ ᠪᠣᠷᠤᠭᠠᠨ ᠣᠷᠤᠵᠤ ᠪᠠᠢ᠌ᠨ᠎ᠠ
ᠪᠣᠷᠬᠠᠨ ᠰᠢᠷᠡᠭᠡ ᠭᠦᠳᠡᠯᠵᠤ ᠪᠠᠢ᠌ᠨ᠎ᠠ
ᠠᠩᠭ᠋᠎ᠠ ᠠᠩᠭ᠋᠎ᠠ ᠣᠭᠢᠯᠠᠵᠤ ᠪᠠᠢ᠌ᠨ᠎ᠠ
ᠠᠪᠠᠭᠠᠢ ᠵᠠᠢ᠌ᠵᠠᠢ ᠨᠢ ᠰᠠᠭᠠᠳᠠᠭᠤᠯᠵᠤ ᠪᠠᠢ᠌ᠨ᠎ᠠ᠃
· · · · · · · ·
ᠬᠤᠢ ᠬᠤᠢ ᠬᠤᠤᠠᠳᠤᠭ ᠲᠤ ᠣᠨ᠎ᠠ
ᠬᠤᠯᠠᠭᠠᠢ᠌ᠴᠢ ᠭᠦᠮᠤᠨ ᠨᠥᠭᠡᠨ ᠳᠤ ᠣᠨ᠎ᠠ
ᠮᠠᠭᠤ ᠭᠦᠮᠤᠨ ᠤ ᠶᠠᠰᠤ ᠨᠢ ᠴᠠᠢ᠌ᠭ
ᠰᠠᠢ᠌ᠨ ᠭᠦᠮᠤᠨ ᠤ ᠦᠰᠦ ᠨᠢ ᠴᠠᠢ᠌ᠭ᠃
· · · · · · · ·
ᠱᠠᠭᠠᠵᠠᠭᠠᠢ ᠱᠠᠭ
ᠱᠠᠭ᠎ᠠ ᠶᠢᠨ ᠪᠣᠭ
ᠱᠠᠩᠳᠠ ᠶᠢᠨ ᠭᠤᠤᠯ ᠤᠨ
ᠱᠠᠨᠠᠮᠠ ᠡᠭᠡᠴᠢ ᠶᠢᠨ
ᠮᠠᠯᠠᠭᠠᠢ ᠶᠢᠨ ᠵᠠᠯᠠᠭ᠎ᠠ
ᠮᠠᠠᠲ᠋ᠸᠤ ᠪᠣᠤᠪᠣ ᠨᠢ
ᠰᠢᠭᠢᠷ ᠲᠡᠶ
ᠮᠠᠨ ᠤ ᠪᠠᠷᠭᠡᠨ
ᠪᠠᠢ᠌ᠪᠠᠢ ᠲᠡᠶ᠃
ᠳᠠᠯᠳᠠᠩ ᠳᠠᠯᠳᠠᠩ ᠳᠠᠯᠳᠠᠩ ᠳᠠᠯᠪᠠᠭ᠎ᠠ ᠲᠡᠶ
ᠳᠠᠭ᠎ᠠ ᠶᠢᠨ ᠮᠤᠷᠢᠨ ᠮᠤᠷᠢᠨ ᠳᠠᠭᠠᠨ
ᠡᠮᠡᠭᠡᠯ ᠲᠡᠶ
ᠳᠠᠭᠳᠠᠯᠠᠭᠠᠤᠨ ᠭᠠᠷᠪᠠᠯ
ᠳᠠᠭ ᠳᠠᠭ
ᠬᠠᠮᠢᠭ᠎ᠠ ᠡᠴᠡ ᠢᠷᠡᠭ᠍ᠰᠡᠨ
ᠳᠦᠭ᠍ᠳᠡᠭᠡᠳ ᠢᠷᠡᠭ᠍ᠰᠡᠨ
ᠭᠤᠤ ᠭᠠᠩᠭ᠋᠎ᠠ ᠡᠴᠡ
ᠭᠤᠯᠭᠤᠭᠠᠤᠨ ᠢᠷᠡᠭ᠍ᠰᠡᠨ
ᠭᠤᠳᠤᠯ ᠱᠠᠬᠠᠢ ᠪᠠᠨ
ᠭᠡᠭᠡᠭᠡᠳ ᠢᠷᠡᠭ᠍ᠰᠡᠨ᠃
᠁᠁᠁᠁
ᠠᠩᠭ᠋ᠠᠬᠠᠢ ᠳᠠᠩᠭ᠋ᠠᠢ ᠮᠤᠳᠤᠨ ᠳᠡᠭᠡᠷ᠎ᠡ
ᠠᠯᠠᠭ ᠰᠡᠷᠡᠭᠡ ᠶᠢᠨ ᠡᠪᠠᠷ
ᠵᠠᠭᠤᠨ ᠪᠣᠬ᠎ᠠ ᠶᠢᠨ ᠠᠷᠠᠰᠤᠨ
ᠵᠤᠰᠠᠯᠠᠩ ᠭᠡᠭᠡᠷ᠎ᠡ ᠶᠢᠨ ᠱᠠᠭᠠᠠᠴᠠᠭ︕
ᠬᠡᠦᠬᠡᠳ ᠬᠡᠦᠬᠡᠳ ᠨᠠᠭᠠᠳᠤᠶ᠎ᠠ᠂ ᠨᠠᠭᠠᠳᠤᠶ᠎ᠠ︕
ᠬᠤᠳᠠᠨ ᠳᠤᠳᠤᠷ᠎ᠠ ᠪᠠᠨ ᠣᠷᠤᠨ᠎ᠠ ᠦᠦ︖
ᠬᠤᠷᠠᠭ᠎ᠠ ᠢᠰᠢᠭᠡ ᠲᠡᠶ ᠳᠤᠭᠯᠠᠨ᠎ᠠ ᠦᠦ︖
ᠵᠤ᠋ ᠳᠡᠭᠡᠷ᠎ᠡ ᠪᠠᠨ ᠭᠠᠷᠤᠨ᠎ᠠ ᠦᠦ︖
ᠵᠤᠷᠠᠮ᠎ᠠ ᠳᠠᠷᠪᠠᠭ᠎ᠠ ᠪᠠᠨ ᠪᠠᠷᠢᠨ᠎ᠠ ᠦᠦ︖
ᠭᠦᠳᠦᠯ ᠳᠡᠭᠡᠷ᠎ᠡ ᠪᠠᠨ ᠭᠠᠷᠤᠨ᠎ᠠ ᠦᠦ︖
ᠭᠦᠭᠡ ᠪᠣᠬ᠎ᠠ ᠪᠠᠨ ᠣᠨᠤᠨ᠎ᠠ ᠦᠦ︖
ᠠᠭᠤᠯᠠᠨ ᠳᠡᠭᠡᠷ᠎ᠡ ᠪᠠᠨ ᠭᠠᠷᠤᠨ᠎ᠠ ᠦᠦ︖
ᠣᠯᠠᠭᠠᠨ ᠪᠣᠬ᠎ᠠ ᠪᠠᠨ ᠣᠨᠤᠨ᠎ᠠ ᠦᠦ︖
ᠬᠠᠳᠠᠨ ᠳᠡᠭᠡᠷ᠎ᠡ ᠪᠠᠨ ᠭᠠᠷᠤᠨ᠎ᠠ ᠦᠦ︖
ᠬᠠᠷ᠎ᠠ ᠪᠣᠬ᠎ᠠ ᠪᠠᠨ ᠣᠨᠤᠨ᠎ᠠ ᠦᠦ︖
ᠬᠡᠦᠬᠡᠳ ᠬᠡᠦᠬᠡᠳ ᠨᠠᠭᠠᠳᠤᠶ᠎ᠠ ᠨᠠᠭᠠᠳᠤᠶ᠎ᠠ︕
· · · · · · · · ·
ᠠᠯᠠᠭᠳᠤᠩᠭ᠋ᠠ ᠠᠤᠨ ᠭᠡᠳ
ᠠᠪᠣ ᠨᠠᠮᠢ᠋ᠢ ᠦᠭᠭᠦᠨ᠎ᠡ ᠭᠡᠳ
ᠡᠷᠢᠶᠡᠨ ᠰᠢᠪᠠᠭᠤ ᠡ᠊ᠳ ᠭᠡᠳ
ᠡᠵᠢ ᠪᠠᠰᠠ ᠦᠭᠭᠦᠨ᠎ᠡ ᠭᠡᠳ
ᠪᠢᠯᠵᠤᠤᠬᠠᠢ ᠨᠢ ᠪᠢᠳ ᠭᠡᠳ
ᠪᠢ ᠪᠠᠰᠠ ᠣᠴᠢᠨ᠎ᠠ ᠭᠡᠳ
ᠭᠦᠭᠦᠭᠡ ᠰᠢᠪᠠᠭᠤ ᠭᠦᠤᠨ ᠭᠡᠳ
ᠭᠦᠷᠭᠡᠨ ᠨᠠᠮ᠎ᠠ ᠶᠢ ᠠᠪᠣᠨ᠎ᠠ ᠭᠡᠳ
ᠱᠠᠭᠠᠵᠠᠭᠠᠢ ᠱᠠᠭ ᠭᠡᠳ
ᠱᠠᠬᠠᠢ ᠪᠠᠰᠠ ᠪᠦᠳᠦᠨ᠎ᠡ ᠭᠡᠨ᠎ᠡ
ᠪᠦᠪᠦᠭᠡᠯᠵᠢ ᠰᠢᠪᠠᠭᠤ ᠪᠦᠪ ᠭᠡᠳ
ᠪᠦᠭᠦᠳᠡ ᠶᠠᠪᠣᠳᠠᠯ ᠪᠦᠳᠦᠨ᠎ᠡ ᠭᠡᠨ᠎ᠡ᠃
ᠬᠠᠷᠢᠶ᠎ᠠ᠄
ᠰᠤᠶᠤᠯ ᠣᠷᠠᠯᠢᠭᠳᠠᠷᠤᠮ᠄ 7477
ᠴᠠᠭ᠄ 2009 ᠤᠨ ᠤ 06 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ