☆ ᠳᠦᠭᠦᠷᠰᠥ᠋ᠷᠦᠡᠭ᠌
ᠡᠭᠡᠭᠡᠪᠦᠷᠢ ᠳ᠋ᠠᠭᠢ ᠡᠵᠢ ᠨᠡᠷ ᠤᠨ ᠵᠤᠭᠤᠭ
ᠨᠠᠷᠠ ᠰᠢᠷᠠᠵᠤ ᠰᠠᠭᠤᠯᠴᠠᠭᠰᠠᠨ ᠡᠵᠢ ᠨᠡᠷ ᠤᠨ ᠵᠤᠭᠤᠭ ᠡᠴᠡ
ᠨᠠᠪᠴᠢ ᠴᠡᠴᠡᠭ᠌ ᠤᠨ ᠥᠩᠭᠡ ᠪᠣᠳᠤᠭ ᠢᠯᠭᠠᠷᠠᠨ᠎ᠠ
ᠨᠢ᠋ᠮᠠᠨ ᠵᠥᠭ᠌ ᠤᠨ ᠪᠣᠶᠠᠨ ᠨᠤᠮ ᠤᠨ ᠭᠡᠯᠭᠢᠶ᠎ᠡ ᠡᠷᠢᠭ᠍ᠳᠡᠨ᠎ᠡ
ᠨᠠᠢ᠌ᠷᠠᠭ ᠠᠢ᠌ᠷᠠᠭ ᠤᠨ ᠦᠨᠦᠷ ᠠᠮᠳᠠ ᠪᠢᠯᠬᠠᠷᠠᠨ᠎ᠠ
ᠨᠠᠮᠢ᠋ᠢ ᠴᠢᠮᠢ᠋ᠢ ᠴᠢᠳᠠᠭ ᠳᠡᠦᠭᠡ ᠪᠠᠷ ᠴᠡᠯᠭᠡᠷᠡᠭᠦᠯᠵᠤ
ᠨᠠᠮ ᠰᠡᠯᠡᠭᠦᠨ ᠴᠠᠭ ᠤᠨ ᠵᠠᠢ ᠶᠢ ᠪᠠᠴᠢᠮᠳᠠᠭᠤᠯᠤᠨ᠎ᠠ
ᠨᠠᠮᠤᠷ ᠤᠨ ᠰᠡᠷᠢᠭᠦᠨ ᠳᠤ ᠵᠠᠯᠠᠯᠠᠨ ᠨᠢᠰᠭᠦ ᠭᠠᠯᠠᠭᠤᠳ ᠴᠤ
ᠨᠡᠭᠦᠳᠡᠯ ᠤᠨ ᠱᠤᠭᠤᠮ ᠶᠢᠡᠨ ᠠᠯᠳᠠᠵᠤ ᠡᠵᠢ ᠨᠡᠷ ᠤᠨ ᠵᠠᠩᠭᠢ ᠳᠤ ᠪᠣᠭᠤᠭᠳᠠᠨᠠ
ᠨᠠᠰᠤᠨ ᠤ ᠨᠠᠮᠤᠷ ᠨᠢ ᠬᠠᠯᠢᠭᠤᠷᠠᠨ ᠬᠤᠩᠭ᠋ᠤᠷᠳᠠᠵᠤ
ᠦᠰᠦᠨ ᠤ ᠰᠤᠷ ᠨᠢ ᠮᠥᠩᠭᠦᠷᠡᠨ ᠰᠢᠩᠭᠡᠷᠡᠵᠤ ᠵᠤᠭᠤᠭᠳᠠᠴᠠᠭᠠᠨᠠ
ᠡᠭᠡᠭᠡᠪᠦᠷᠢ ᠳᠠᠭᠢ ᠡᠵᠢ ᠨᠡᠷ ᠤᠨ ᠵᠤᠭᠤᠭ ᠳᠤ
ᠡᠰᠭᠡᠵᠤ ᠣᠷᠠᠯᠠᠭᠠᠤᠨ ᠱᠠᠭᠯᠠᠵᠤ ᠪᠦᠳᠦᠭᠡᠭ᠍ᠰᠡᠨ ᠬᠤᠷᠸ᠎ᠠ ᠪᠣᠢ
ᠡᠯᠡᠰᠤ ᠰᠢᠭᠦᠷᠡᠭᠡᠳ ᠳᠠᠷᠤᠭᠳᠠᠬᠤ ᠦᠭᠡᠶ ᠦᠨᠡᠨ ᠳᠤᠮᠤᠭ ᠪᠣᠢ
ᠡᠯᠢᠶ᠎ᠡ ᠨᠢᠰᠦᠭᠡᠤᠨ ᠭᠦᠷᠭᠦ ᠦᠭᠡᠶ ᠣᠷᠳᠤ ᠵᠤᠭᠤᠭ ᠪᠣᠢ
ᠡᠪᠯᠡᠵᠤ ᠭᠡᠯᠡᠭᠦ ᠳᠤ ᠬᠤᠷᠸ᠎ᠠ ᠲ᠋ᠠᠢ᠌ᠪᠠᠯᠵᠠᠮᠠᠷ ᠰᠤᠨᠤᠰᠬᠠᠯ ᠪᠣᠢ
ᠡᠨᠡ ᠦᠶ᠎ᠡ ᠶᠢᠨ ᠭᠦᠮᠦᠰ ᠬᠣᠢ᠌ᠳᠤ ᠥᠶ᠎ᠡ ᠭᠦᠷᠳᠡᠯ᠎ᠡ ᠪᠠᠨ ᠶᠠᠷᠢᠭᠳᠠᠨ᠎ᠠ
ᠡᠪᠦᠭᠡ ᠳᠡᠭᠡᠳᠦᠰ ᠤᠨ ᠰᠦᠷ ᠰᠦᠯᠳᠡ ᠶᠢ ᠢᠯᠠ ᠳᠤᠳᠤ ᠪᠠᠷ ᠳᠠᠮᠵᠢᠭᠤᠯᠤᠨ᠎ᠠ
ᠡᠷᠳᠡ ᠪᠠᠯᠠᠷ ᠤᠨ ᠡᠷᠡᠴᠦᠳ ᠵᠢᠡᠨ ᠮᠥᠷᠦᠭᠡᠳᠤᠨ ᠰᠠᠨᠠᠵᠤ ᠨᠢᠯᠪᠣᠰᠤᠷᠠᠨᠠ
ᠡᠷᠢᠶᠡᠨ ᠪᠠᠷᠠᠭᠠᠨ ᠪᠣᠳᠤᠯ ᠨᠢ ᠵᠠᠮ ᠶᠢᠡᠨ ᠣᠯᠵᠤ ᠣᠷᠤᠰᠤᠨ᠎ᠠ
ᠡᠰᠡ ᠳᠠᠨᠢᠬᠤ ᠭᠦᠮᠤᠨ ᠥᠭᠡᠢ ᠡᠰᠡ ᠶᠠᠪᠣᠭᠰᠠᠨ ᠡᠭᠡᠷᠡᠮ᠎ᠡ ᠦᠭᠡᠶ ᠭᠡᠯᠴᠡᠨ᠎ᠡ
ᠡᠯᠦᠡᠴᠡ ᠬᠤᠯᠤᠠᠴᠠ ᠶᠢᠨ ᠳᠤᠮᠤᠭ ᠳᠡᠦᠭᠡ ᠴᠡᠩᠭᠡᠷᠳᠡᠨ ᠲ᠋ᠤᠭᠳᠠᠨᠠ
ᠡᠷ᠎ᠡ ᠭᠦᠮᠤᠨ ᠤ ᠡᠪᠦᠳᠦᠭ᠌ ᠨᠤᠭᠤᠷᠠᠨ ᠡᠯᠢᠭᠡ ᠭᠦᠰᠢᠮᠡᠷ ᠭᠡᠯᠡᠭ᠍ᠳᠡᠨ᠎ᠡ
ᠡᠭᠡᠷᠡᠮ᠎ᠡ ᠲ᠋ᠡᠯᠡ ᠶᠢᠨ ᠴᠡᠴᠡᠭ᠌ ᠳᠡᠯᠭᠡᠷᠡᠵᠤ᠂ ᠵᠤᠯᠭᠠᠷᠠᠵᠤ ᠶᠠᠷᠢᠭᠳᠠᠨ᠎ᠠ
ᠡᠡᠭ᠌ ᠦᠭᠡᠶ ᠬᠠᠩᠭ᠋ᠠᠢ ᠨᠡᠭᠦᠵᠤ᠂ ᠨᠦᠷᠡᠵᠤ ᠭᠡᠯᠡᠭ᠍ᠳᠡᠨ᠎ᠡ
ᠡᠵᠡᠨ ᠦᠭᠡᠶ ᠳᠤᠮᠤᠭ ᠡᠴᠢᠭᠡ ᠦᠭᠡᠶ ᠭᠡᠦᠭᠡᠤᠨ ᠦᠨᠦᠴᠢᠷᠠᠵᠤ ᠶᠠᠷᠢᠭᠳᠠᠨ᠎ᠠ
ᠡᠨᠡ ᠬᠤᠷᠸ᠎ᠠ ᠶᠢ ᠡᠵᠢ ᠨᠡᠷ ᠭᠡᠯᠡᠯ ᠦᠭᠡᠶ ᠭᠡᠨ ᠭᠡᠯᠡᠭᠦ ᠪᠣᠢ ᠭᠡᠭᠦ ᠰᠢᠭ᠌
ᠡᠪᠳᠡᠢ ᠦᠨᠡᠨ ᠡᠪ ᠦᠭᠡᠶ ᠬᠦᠳᠡᠯ ᠡᠯᠳᠡᠪ ᠮᠠᠭᠤᠬᠠᠢ ᠶᠢ ᠳᠡᠭ᠍ᠰᠢᠯᠡᠨᠡ᠂᠂
ᠵᠤᠬᠢᠶᠠᠭᠴᠢ᠄ ᠳᠦᠭᠦᠷᠰᠥ᠋ᠷᠦᠡᠭ᠌
ᠢᠷᠡᠯᠲᠡ᠄ ᠨᠡᠷᠡᠡᠴᠡᠴᠡᠭ᠌
ᠬᠠᠷᠢᠶ᠎ᠠ᠄
ᠰᠢᠯᠦᠭᠳᠠᠷᠤᠮ᠄ 3976
ᠴᠠᠭ᠄ 2007 ᠤᠨ ᠤ 11 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ