☆ ᠰ·ᠴᠠᠷᠠᠠᠳᠤᠷᠵᠢ
ᠯᠢᠤ ᠠᠭᠤᠯᠠᠨ ᠳ᠋ᠠᠭᠢ ᠰᠡᠭᠦᠯᠴᠢ ᠶᠢᠨ ᠰᠦᠨᠢ
(ᠴᠢᠩᠭᠡᠰ ᠬᠠᠭᠠᠨ ᠤ ᠰᠡᠭᠦᠯᠴᠢ ᠶᠢᠨ ᠠᠮᠢᠰᠬᠤᠯ ᠬᠤᠷᠢᠶᠠᠭᠰᠠᠨ ᠯᠢᠤ ᠫᠠᠨ ᠱᠠᠨ ᠠᠭᠤᠯᠠᠨ᠎ᠠ)
ᠳᠠᠷᠠ ᠠᠭᠤᠯᠠ
ᠳᠡᠭ᠍ᠷᠢ ᠲᠡᠶ ᠯᠠ ᠠᠢ᠌ᠯᠰᠳᠠᠭ᠃
ᠳᠡᠷᠢᠭᠦᠨ ᠳᠡᠭᠡᠨ ᠭᠦᠡᠳᠦᠷᠡᠭ᠍ᠰᠡᠨ ᠡᠭᠦᠯᠡᠰ ᠤᠳ ᠨᠢ
ᠳᠡᠭ᠍ᠷᠢ ᠴᠤᠭᠤᠯᠤᠮᠠ ᠠᠶᠤᠩᠭ᠋᠎ᠠ ᠴᠤ
ᠳᠦᠨᠠᠷ ᠢ ᠭᠦᠭᠡᠭᠡᠭᠦ ᠭᠡᠭᠡ ᠴᠤ ᠪᠠᠢ᠌ᠳᠠᠭ᠃
ᠳᠠᠷᠠ ᠠᠭᠤᠯᠠ
ᠳᠡᠭ᠍ᠷᠢ ᠶᠢᠨ ᠰᠠᠯᠭᠢ ᠲᠡᠶ ᠠᠢ᠌ᠯᠰᠳᠠᠭ᠃
ᠮᠥᠩᠭᠡ ᠨᠤᠭᠤᠭᠠᠨ ᠰᠢᠯᠮᠦᠭᠦᠰᠤ ᠶᠢᠨ ᠦᠨᠦᠷ ᠲᠡᠶ᠂
ᠮᠤᠷᠢᠨ ᠤ ᠢᠠᠴᠠᠭᠠᠯ ᠲᠡᠶ
ᠳᠠᠠᠳᠠ ᠡᠴᠡ ᠳᠦᠭ᠍ᠳᠡᠳᠡᠭ᠌᠃
ᠨᠢᠭᠡᠨ ᠵᠢᠷᠡᠨ ᠤ ᠡᠩᠭᠡᠷ
ᠨᠢᠭᠡᠨ ᠭᠦᠮᠤᠨ ᠥᠭ᠍ᠰᠦᠭᠦᠰᠡᠭᠡᠷ ᠳᠠᠠᠳᠠ ᠭᠦᠷᠪᠡ᠃
ᠨᠢᠭᠡᠨ ᠵᠢᠷᠠᠨ ᠤ ᠡᠪᠠᠰᠤ ᠨᠤᠭᠤᠭ᠎ᠠ
ᠦᠯᠮᠡᠢ ᠳᠤᠤᠷ᠎ᠠ ᠡᠴᠡ ᠨᠢ ᠦᠨᠳᠠᠢ᠌ᠨ ᠪᠣᠰᠤᠯ᠎ᠠ᠃
ᠠᠤᠠᠬᠤᠨ ᠳᠤ ᠨᠢ ᠳᠡᠯᠡᠭᠡᠢ ᠪᠠᠭᠳᠠᠵᠤ
ᠬᠠᠯᠭᠢᠨ ᠴᠠᠯᠭᠢᠨ ᠠᠰᠠᠬᠠᠷᠠᠨᠠ᠃
ᠣᠶᠤᠨ ᠳᠤ ᠨᠢ ᠳᠡᠷᠳᠡᠭᠡᠭᠢ ᠡᠡᠯᠳᠡᠢ᠂
ᠡ᠊ᠨᠳᠡᠭᠢ ᠯᠢᠤ ᠠᠭᠤᠯᠠ ᠣᠷᠤᠰᠢᠨ᠎ᠠ᠃
ᠰᠸᠢ᠌ᠷ ᠳ᠋ᠠᠷᠢᠶᠠ᠂ ᠰᠡᠯᠡᠩᠭᠡ ᠮᠥᠷᠡᠨ ᠴᠢᠰᠤ ᠮᠠᠳᠤ
ᠵᠢᠷᠦᠭᠡᠨ ᠣᠷᠤᠭᠤ ᠨᠢ ᠣᠷᠤᠰᠤᠨ ᠣᠷᠤᠨ᠎ᠠ᠃
ᠨᠢᠭᠡᠨ ᠵᠢᠷᠠᠨ ᠤ ᠡᠪᠠᠰᠤ ᠨᠤᠭᠤᠭ᠎ᠠ
ᠦᠯᠮᠡᠢ ᠳᠤᠤᠷ᠎ᠠ ᠡᠴᠡ ᠦᠨᠳᠠᠢ᠌ᠨ ᠪᠣᠰᠵᠤ
ᠥᠭᠡ ᠴᠢᠩᠨᠠᠬᠤ ᠶᠢ ᠭᠢᠴᠢᠶᠡᠭ᠍ᠰᠡᠨ ᠴᠤ
ᠨᠢᠭᠡ ᠴᠤ ᠥᠭᠡ ᠡᠰᠡ ᠭᠡᠯᠡᠪᠡ᠃
ᠬᠠᠷᠢᠨ ᠬᠠᠷᠠᠴᠠ ᠪᠠᠷ ᠶᠢᠡᠨ ᠶᠠᠷᠢᠪᠠ᠂
ᠬᠠᠷᠠᠴᠠ ᠨᠢ ᠰᠠᠯᠠᠮ᠎ᠠ ᠶᠢᠨ ᠭᠢᠨᠢ
ᠪᠠᠷᠢᠭᠤᠯ ᠡᠴᠡ ᠣᠢ᠌ᠵᠤ᠂
ᠭᠦᠯᠦᠭ᠌ ᠤᠨ ᠭᠢᠨᠢ ᠬᠠᠵᠠᠭᠠᠷ ᠤᠨ ᠠᠮᠠᠭᠠᠢ ᠡᠴᠡ ᠬᠠᠯᠳᠢᠷᠠᠵᠤ
ᠭᠦᠯ ᠳᠤ ᠭᠡᠰᠭᠢᠭ᠍ᠳᠡᠭ᠍ᠰᠡᠨ ᠬᠤᠸᠠᠷᠠᠨ ᠤ ᠡᠪᠠᠰᠤᠨ ᠳᠤ
ᠰᠠᠷᠠᠨ ᠳᠤᠶᠠᠭ᠎ᠠ ᠰᠦᠯᠵᠢᠨ ᠱᠤᠩᠪᠠᠭᠰᠠᠨᠠ
ᠦᠯᠦ ᠢᠳᠡᠭᠡᠰᠢ ᠶᠢᠨ ᠣᠳᠤ ᠣᠷᠤᠭᠤ ᠨᠢᠰᠪᠠ᠃
ᠬᠠᠷᠠᠴᠠ ᠪᠠᠨ ᠭᠦᠯᠦᠭᠯᠡᠨ ᠬᠤᠷᠤᠮᠰᠳᠠ ᠥᠭᠡᠳᠡ ᠨᠢᠰᠪᠠ᠃
ᠬᠠᠯᠢᠬᠤ ᠨᠢᠳᠤᠨ ᠤ ᠥᠵᠦᠭᠦᠷ ᠲᠤ ᠨᠢ
ᠬᠠᠷᠢᠬᠤ ᠴᠠᠭ ᠮᠢᠨᠢ ᠪᠣᠯᠵᠠᠢ ᠭᠡᠵᠤ ᠳᠠᠯᠠᠪᠴᠢ ᠪᠠᠷ ᠶᠢᠡᠨ
ᠳᠠᠯᠠᠯᠵᠤ ᠴᠠᠭᠠᠨ ᠱᠤᠩᠬᠤᠷ ᠬᠠᠷᠠᠭᠳᠠᠪᠠ᠃
ᠳᠡᠭ᠍ᠷᠢ ᠲᠡᠶ ᠠᠢ᠌ᠯᠰᠠᠭᠰᠠᠨ ᠠᠭᠤᠯᠠ ᠪᠠᠢ᠌ᠪᠠ᠂
ᠳᠠᠠᠳᠠ ᠡᠴᠡ ᠪᠣᠴᠠᠬᠤ ᠳᠠᠪᠢᠯᠠᠩ ᠲᠡᠶ᠂
ᠳᠡᠭ᠍ᠷᠢ ᠶᠢᠨ ᠡᠯᠴᠢ ᠪᠠᠢ᠌ᠪᠠ᠂
ᠳᠠᠮᠤᠵᠢᠨ ᠴᠢᠩᠭᠡᠰ ᠬᠠᠭᠠᠨ ᠪᠠᠢ᠌ᠪᠠ᠃
2005᠂ 7᠂ 26
ᠵᠤᠬᠢᠶᠠᠭᠴᠢ᠄ ᠰ·ᠴᠠᠷᠠᠠᠳᠤᠷᠵᠢ
ᠢᠷᠡᠯᠲᠡ᠄ ᠥᠭᠡᠯᠡᠳ ᠭᠠᠯᠳᠠᠨ ᠬᠠᠩᠭ᠋ᠠᠪᠠ
ᠬᠠᠷᠢᠶ᠎ᠠ᠄
ᠰᠢᠯᠦᠭᠳᠠᠷᠤᠮ᠄ 12778
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ