☆ ᠪᠠᠶᠠᠭᠤᠳ · ᠰᠦᠷ
ᠡᠷ᠎ᠡ ᠨᠦᠬᠦᠷ ᠶᠢᠠᠨ ᠬᠠᠢ᠌ᠷᠠᠯᠠᠵᠤ ᠶᠠᠪᠤᠭᠠᠷᠠᠢ
ᠡᠷ᠎ᠡ ᠭᠦᠮᠤᠨ ᠢ ᠬᠠᠳᠠᠭᠤ ᠴᠢᠩᠭ᠋᠎ᠠ ᠣᠪᠣᠷ ᠰᠤᠷᠳᠠᠯ᠂ ᠬᠠᠨ ᠬᠠᠢ᠌ᠷᠬᠠᠨ ᠰᠢᠭ ᠪᠠᠶ᠎ᠠ ᠮᠠᠬᠠᠪᠣᠤᠨ ᠳᠡᠢ᠂《ᠭᠠᠯ ᠣᠰᠤᠨ ᠡᠴᠡ ᠠᠶᠤᠳᠠᠭ ᠦᠭᠡᠶ᠂ ᠭᠠᠯᠵᠠᠭᠤ ᠰᠤᠮᠤᠨ ᠡᠴᠡ ᠵᠠᠢ᠌ᠯᠠᠳᠠᠭ ᠦᠭᠡᠶ》ᠳᠤᠤᠯᠢᠰ ᠤᠨ ᠪᠠᠭᠠᠳᠤᠷ ᠤᠨ ᠳᠦᠷᠢ ᠣᠷᠤᠭᠤᠯᠵᠤ ᠂ ᠬᠠᠨᠠᠳᠤ ᠭᠡᠷ ᠤᠨ ᠳᠦᠰᠢᠭ᠌᠂ ᠬᠠᠢ᠌ᠷᠬᠠᠨ ᠠᠮᠢᠳᠤᠷᠠᠯ ᠤᠨ ᠨᠦᠮᠤᠷᠢ ᠭᠡᠵᠤ ᠥᠵᠡᠳᠡᠭ᠌ ᠨᠢ ᠡᠴᠢᠭᠡᠴᠢᠯᠡᠯ ᠤᠨ ᠣᠪᠣᠭ ᠲᠦᠷᠦᠯ ᠤᠨ ᠥᠶ᠎ᠡ ᠵᠢᠨ ᠥᠵᠡᠯᠳᠡ ᠳᠡᠨᠢᠯᠳᠡ ᠭᠡᠵᠤ ᠥᠵᠡᠭᠦ ᠶᠤᠰᠤᠳᠠᠢ ᠪᠠᠢ᠌ᠳᠠᠭ ᠰᠠᠨ ︕ ᠳᠡᠭᠡᠭᠦ ᠳᠤ ᠪᠠᠨ ᠮᠤᠩᠭ᠋ᠤᠯᠴᠤᠳ ᠮᠠᠨᠢ 《ᠡᠷ᠎ᠡ ᠭᠦᠮᠤᠨ ᠤ ᠨᠢᠯᠪᠣᠰᠤ ᠭᠢᠯᠪᠠᠷ ᠣᠨᠠᠳᠠᠭ ᠦᠭᠡᠶ》ᠭᠡᠵᠤ ᠨᠢᠰᠤ ᠨᠢ ᠬᠠᠳᠠᠭ᠎ᠠ ᠦᠭᠡᠶ ᠨᠢᠯᠬ᠎ᠠ ᠡᠴᠡ ᠨᠠᠶᠠ ᠭᠦᠷᠦᠭ᠍ᠰᠡᠨ ᠡᠪᠤᠬᠡᠳ ᠭᠦᠷᠳᠡᠯ᠎ᠡ ᠠᠮᠢᠨ ᠰᠠᠭᠢᠶ᠎ᠠ ᠪᠣᠯᠭᠠᠨ ᠴᠡᠭᠡᠵᠢᠯᠡᠵᠤ᠂ ᠪᠣᠳᠤᠯ ᠰᠠᠤᠠᠭᠢᠯ ᠶᠢᠡᠨ ᠴᠢᠩᠭ᠋ᠠᠯᠠᠭᠰᠠᠭᠠᠷ ᠢᠷᠠᠵᠠᠢ ᠁
ᠡᠷ᠎ᠡ ᠬᠦᠮᠤᠨ ᠬᠢᠬᠡᠳ ᠪᠦᠰᠡᠭᠦᠢ ᠭᠦᠮᠤᠨ ᠤ ᠢᠯᠭᠠᠭ᠎ᠠ ᠪᠠᠯᠭᠡ ᠴᠢᠨᠠᠷ ᠤᠨ ᠰᠠᠭᠤᠷᠢ ᠡᠴᠡ ᠪᠠᠶ᠎ᠠ ᠮᠠᠬᠠᠪᠣᠤᠨ ᠤᠨ ᠭᠦᠭ᠍ᠵᠢᠯ ᠤᠨ ᠶᠠᠪᠣᠴᠠ ᠳᠤ ᠪᠣᠢ ᠪᠣᠯᠤᠭᠰᠠᠨ ᠠᠷᠭ᠎ᠠ ᠪᠢᠯᠢᠭ᠌ ᠤᠨ ᠬᠤᠶᠠᠷ ᠳᠣᠢ᠌ᠯ ᠪᠣᠯᠵᠤ᠂ ᠡᠷᠡᠰ ᠬᠠᠳᠠᠭᠤ ᠡᠷ᠎ᠡ ᠶᠢᠨ ᠠᠪᠣᠷᠢ᠂ ᠣᠶᠠᠬᠠᠨ ᠵᠥᠭᠡᠯᠡᠨ ᠪᠦᠰᠡᠭᠦᠢ ᠶᠢᠨ ᠠᠭᠠᠯᠢ ᠭᠡᠵᠤ ᠢᠯᠭᠠᠭᠳᠠᠳᠠᠭ ᠨᠢ ᠶᠢᠷᠳᠢᠠᠴᠤ ᠶᠢᠨ ᠵᠢᠮ᠎ᠠ ᠶᠤᠰᠤᠨ ᠡᠴᠡ ᠡᠭᠦᠰᠦᠭ᠍ᠰᠡᠨ ᠢ ᠨᠠᠢ᠌ᠳᠠ ᠣᠯᠠᠨ ᠴᠦᠮ ᠣᠢ᠌ᠯᠠᠭᠠᠨᠡ᠃ ᠭᠡᠪᠠᠴᠤ᠂ ᠡᠷᠡᠰ ᠬᠠᠳᠠᠭᠤ ᠡᠷ᠎ᠡ ᠶᠢᠨ ᠠᠪᠣᠷᠢ ᠴᠤ ᠮᠢᠬ᠎ᠠ ᠴᠢᠰᠤᠨ ᠤ ᠪᠦᠷᠢᠯᠳᠦᠯ᠂ ᠬᠠᠢ᠌ᠷ᠎ᠠ ᠬᠠᠯᠠᠮᠵᠢ ᠶᠢᠨ ᠣᠶᠠᠯᠳᠤᠯ᠂ ᠬᠠᠢ᠌ᠷᠠᠯᠠᠵᠤ ᠬᠠᠢ᠌ᠷᠠᠯᠠᠭᠳᠠᠬᠤ ᠶᠢᠨ ᠵᠠᠶᠠᠭ᠎ᠠ ᠳᠤ ᠲᠦᠰᠢᠵᠤ᠂ ᠬᠤᠷᠸ᠎ᠠ ᠶᠢᠨ ᠠᠮᠢᠳᠤᠷᠠᠯ ᠢ ᠥᠭ᠍ᠰᠦᠵᠤ ᠣᠷᠤᠭᠤᠳᠠᠵᠤ ᠶᠠᠪᠣᠭᠳᠠᠳᠠᠭ ᠢ ᠳᠠ ᠪᠢᠳᠠᠨ ᠠᠩᠬᠠᠷᠤᠯ ᠳᠡᠭᠠᠨ ᠠᠪᠬᠤ ᠴᠢᠬᠤᠯᠠᠳᠡᠢ ︕
ᠨᠡᠢ᠌ᠭᠡᠮ ᠤᠨ ᠪᠣᠰᠤᠤᠠᠴᠢ ᠰᠢᠯᠳᠠᠭᠠᠨ᠂ ᠳᠡᠦᠭᠡ ᠶᠢᠨ ᠦᠨᠡᠨ ᠶᠠᠪᠣᠴᠠ ᠳᠤ ᠪᠣᠢ ᠪᠣᠯᠤᠭᠰᠠᠨ ᠡᠷ᠎ᠡ ᠬᠦᠮᠤᠨ ᠤ《ᠨᠢᠭᠤᠷᠰᠠᠭ ᠪᠣᠳᠤᠯ》ᠭᠡᠳᠡᠭ᠌ ᠠᠮᠢᠠᠴᠢᠬᠠᠨ ᠰᠤᠨᠭᠢᠯᠭᠡ ᠣᠢ᠌ ᠲᠦᠮᠡᠨ ᠡᠷᠡᠴᠦᠳ ᠤᠨ ᠦᠷᠦ ᠵᠢᠷᠦᠭᠡ ᠶᠢ ᠰᠢᠨᠠᠯᠭᠠᠭᠰᠠᠭᠠᠷ ᠢᠷᠠᠵᠠᠢ᠃ ᠲᠦᠮᠡᠨ ᠭᠦᠮᠤᠨ ᠤ ᠴᠤᠭᠯᠠᠠᠭᠠ᠂ ᠳᠠᠨᠢᠬᠤ ᠳᠠᠨᠢᠬᠤ ᠦᠭᠡᠶ ᠭᠦᠮᠦᠰ ᠤᠨ ᠡᠮᠦᠨ᠎ᠡ《ᠨᠢᠭᠤᠷ ᠶᠢᠡᠨ ᠪᠠᠷᠠᠬᠤ ᠦᠭᠡᠶ》ᠭᠡᠳᠡᠭ᠌ ᠭᠠᠭᠴᠠᠬᠠᠨ ᠪᠣᠳᠤᠯ ᠶᠢᠡᠷ ᠦᠷᠦ ᠵᠢᠷᠦᠭᠡᠨ ᠤ ᠰᠢᠷᠬ᠎ᠠ ᠰᠤᠷᠪᠢ ᠪᠠᠨ ᠥᠴᠦᠭᠡᠨ ᠴᠤ ᠮᠡᠳᠡᠭ᠍ᠳᠡᠯ ᠦᠭᠡᠶ ᠪᠠᠷ ᠵᠢᠷᠦᠭᠡᠨ ᠳᠤ ᠪᠠᠨ ᠨᠢᠯᠪᠣᠰᠤ ᠲᠡᠶ ᠴᠤ ᠨᠢᠭᠤᠷ ᠲᠤ ᠪᠠᠨ ᠢᠨᠢᠶᠠᠳᠤ ᠲᠡᠶ ᠥᠩᠭᠡᠷᠡᠭᠦᠯᠳᠡᠭ᠌ ᠡᠷᠡᠴᠦᠳ ᠤᠨ ᠵᠤᠪᠠᠯᠠᠩ ᠢ ᠡᠷ᠎ᠡ ᠬᠦᠮᠤᠨ ᠬᠤᠪᠢ ᠪᠡᠷ ᠯᠡ ᠮᠡᠳᠡᠭᠦ ᠪᠠᠢ᠌ᠯᠭᠦᠢ ︕
ᠠᠵᠢᠯ ᠣᠢ᠌ᠯᠠᠰ ᠤᠨ ᠨᠤᠭᠤᠷᠠᠯ ᠂ ᠠᠵᠤ ᠠᠮᠢᠳᠤᠷᠠᠯ ᠤᠨ ᠳᠠᠷᠤᠭᠠᠰᠤ ᠳᠤ ᠡᠷ᠎ᠡ ᠵᠢᠨ ᠰᠡᠳᠭᠢᠯ ᠬᠠᠮᠤᠭ ᠡᠴᠡ ᠭᠡᠪᠠᠷᠡᠭ᠌ ᠪᠠᠢ᠌ᠳᠠᠭ᠃ ᠳᠡᠭᠡᠭᠦ ᠪᠡᠷ ᠬᠠᠷ᠎ᠠ ᠠᠷᠢᠭᠢ ᠪᠠᠷ ᠬᠠᠨᠢ ᠭᠢᠵᠤ᠂ ᠵᠤᠪᠠᠨᠢᠯ ᠭᠤᠳᠤᠷᠠᠯ ᠤᠨ ᠮᠠᠨᠠᠨ ᠢ ᠵᠠᠢ᠌ᠯᠠᠭᠤᠯᠬᠤ ᠭᠡᠵᠤ᠂ ᠪᠣᠳᠤᠯ ᠵᠢᠷᠦᠭᠡ ᠪᠠᠨ ᠮᠢᠡᠴᠦᠷᠡᠭᠦᠯᠵᠤ ᠰᠠᠭᠤᠳᠠᠭ ᠢ ᠠᠯᠢ ᠶᠢ ᠨᠢ ᠭᠡᠯᠡᠭᠡᠤᠨ ᠪᠠᠷᠠᠬᠤ ᠪᠣᠢ ︖ ᠳᠡᠭᠡᠭᠦ ᠳᠤ ᠪᠤᠰᠡᠭᠦᠢ᠌ᠴᠦᠳ ᠮᠠᠨᠢ ᠴᠤ ᠭᠢᠯᠢᠩ ᠬᠤᠷᠤᠰᠤᠯ ᠤᠨ ᠫᠣᠤ ᠶᠢᠨ ᠠᠮᠠ ᠪᠠᠨ 《ᠠᠷᠢᠭᠢᠨ ᠴᠢᠦᠡᠭᠦᠷ》 ᠲᠤ ᠰᠢᠭᠤᠳ ᠬᠠᠠᠳᠤᠭᠤᠯᠵᠤ ᠰᠥᠷᠴᠢᠭᠦ ᠡᠴᠡ ᠪᠢᠰᠢ᠂《ᠡᠪᠠᠢ ᠬᠠᠯᠠᠭ᠂ ᠬᠠᠢ᠌ᠷᠠᠳᠤ ᠮᠢᠨᠢ ︕》ᠭᠡᠵᠤ ᠪᠦᠳᠦᠷᠢᠭ᠍ᠰᠡᠨ ᠭᠦᠮᠤᠨ ᠢ ᠡᠷᠭᠦᠵᠤ ᠪᠣᠰᠬᠠᠬᠤ ᠡᠪᠳᠡᠢ᠌ᠭᠡᠨ ᠠᠷᠭ᠎ᠠ ᠰᠤᠷᠢᠵᠤ ᠰᠠᠭᠤᠳᠠᠭ ᠨᠢ ᠬᠠᠷᠢᠨ ᠴᠥᠭᠡᠨ ︕
ᠳᠤᠮᠳᠠᠳᠤ ᠶᠢᠨ ᠳᠠᠪᠤᠨ ᠮᠢᠩᠭ᠋ᠠᠨ ᠣᠨ ᠤ ᠰᠤᠶᠤᠯ ᠴᠤ ᠪᠣᠯᠤᠭ᠂ ᠮᠤᠩᠭ᠋ᠤᠯᠴᠤᠳ ᠤᠨ ᠨᠡᠭᠦᠳᠡᠯ ᠮᠠᠯᠵᠢᠯ ᠤᠨ ᠮᠢᠩᠭ᠋ᠠᠨ ᠣᠨ ᠤ ᠳᠡᠦᠭᠡ ᠴᠤ ᠭᠡᠰᠡᠨ᠂ ᠡᠷᠡᠴᠤᠳ ᠮᠠᠨᠢ ᠶᠡᠷᠦᠨᠢ ᠭᠠᠳᠠᠨ᠎ᠠ ᠳᠤᠳᠤᠨ᠎ᠠ ᠶᠢᠨ ᠬᠠᠯᠠ ᠲᠡᠶ ᠠᠵᠢᠯ᠂ ᠭᠦᠴᠢᠷ ᠲᠡᠶ ᠶᠡᠪᠤᠳᠡᠯ ᠢ ᠰᠢ᠌ᠤᠠᠪᠣᠷᠢᠯᠠᠵᠤ ᠶᠠᠪᠣᠳᠠᠭ ᠡᠴᠡ ᠪᠢᠰᠢ ᠂ ᠳᠤᠭᠤᠭ᠎ᠠ ᠰᠢᠨᠠᠭ᠎ᠠ ᠲᠡᠶ ᠵᠢᠭᠤᠷᠠᠵᠤ᠂ ᠭᠡᠦᠭᠡᠤᠨ ᠠᠴᠢᠷ ᠲᠡᠶ ᠴᠢᠷᠤᠯᠳᠠᠵᠤ ᠶᠠᠪᠣᠳᠠᠭ ᠦᠭᠡᠶ ᠨᠢ ᠨᠢᠭᠡ ᠶᠤᠰᠤᠨ ᠤ ᠬᠠᠤᠯᠢ ᠪᠣᠯᠤᠨ ᠪᠢᠴᠢᠭ᠍ᠳᠡᠭ᠍ᠰᠡᠨ ᠪᠢᠯᠠ᠃ ᠭᠡᠭᠦ ᠳᠤ ᠴᠠᠭ ᠡᠷᠡᠨ ᠤ ᠳᠠᠪᠰᠢᠯᠳᠠ ᠦᠦ︖ 《ᠬᠠᠭᠠᠰ ᠳᠡᠭ᠍ᠷᠢ ᠶᠢᠨ ᠴᠢᠯᠦᠭᠡᠵᠢᠯᠡᠯᠳᠡ》 ᠶᠤᠮ ᠦᠦ︖ ᠶᠠᠭᠤ ᠴᠤ ᠭᠡᠰᠡᠨ ᠪᠦᠰᠡᠭᠦᠢ᠌ᠴᠦᠳ ᠮᠠᠨᠢ ᠠᠵᠢᠯ ᠤᠨ ᠶᠠᠭᠠᠷᠠᠤ ᠴᠤ ᠪᠣᠯᠤᠭ᠂ ᠠᠮᠢᠳᠤᠷᠠᠯ ᠤᠨ ᠳᠡᠮᠡᠴᠡᠭᠡᠨ ᠴᠤ ᠪᠣᠯᠤᠭ᠂ ᠠᠯᠢ ᠡᠰᠡᠭᠦᠯ᠎ᠡ ᠭᠠᠩᠬᠠᠯᠠᠵᠤ ᠶᠠᠩᠵᠤᠯᠠᠬᠤ ᠪᠠᠷ ᠵᠠᠢ ᠠᠪᠴᠤ᠂ ᠡᠷᠡᠴᠤᠳ ᠢ ᠳᠤᠭᠤᠭᠠᠨ ᠭᠡᠷ ᠲᠤ ᠳᠦᠯᠭᠢᠨ ᠣᠷᠤᠭᠤᠯᠵᠤ᠂ ᠭᠡᠦᠭᠡᠤᠨ ᠠᠰᠠᠷᠠᠬᠤ ᠰᠢᠨ᠎ᠠ ᠠᠵᠢᠯ ᠳᠤ ᠳᠠᠳᠠᠨ ᠠᠪᠴᠢᠷᠠᠭᠰᠠᠨ ᠨᠢ ᠨᠢᠭᠡ ᠶᠡᠭᠡ ᠬᠤᠪᠢᠰᠬᠠᠯ ᠭᠡᠵᠤ ᠭᠡᠯᠡᠵᠤ ᠪᠣᠯᠤᠨ᠎ᠠ᠃ ᠭᠡᠭᠦ ᠳᠤ ᠲᠦᠷᠦᠯᠭᠢ ᠴᠢᠳᠠᠪᠣᠷᠢ ᠶᠢᠨ ᠳᠤᠯᠢᠮᠠᠭ ᠡᠴᠡ ᠪᠣᠯᠵᠤ᠂ ᠠᠯᠢ ᠣᠯᠠᠨ ᠳᠤᠳᠠᠭᠳᠠᠯ ᠢᠯᠠᠷᠠᠵᠤ᠂ ᠡᠭᠦᠨ ᠤ ᠣᠯᠠᠮ ᠡᠴᠡ ᠪᠤᠰᠡᠭᠦᠢ᠌ᠴᠦᠳ ᠶᠢᠡᠨ ᠭᠤᠮᠤᠳᠠᠭᠠᠵᠤ ᠂ ᠪᠠᠶ᠎ᠠ ᠪᠠᠨ ᠴᠤ ᠭᠤᠯᠤᠬᠤ ᠥᠵᠡᠭ᠍ᠳᠡᠯ ᠢᠯᠠᠷᠠᠨ ᠂ ᠠᠭᠠᠵᠢᠮ ᠳᠤ ᠪᠠᠨ ᠳᠤᠰᠠ ᠪᠣᠯᠤᠭᠰᠠᠨ ᠪᠢᠰᠢ᠂ ᠬᠠᠷᠢᠨ ᠳᠤᠱᠠ ᠪᠣᠯᠵᠤ᠂ ᠬᠤᠶᠠᠷ ᠳᠠᠯ᠎ᠠ ᠶᠢᠨ ᠬᠠᠢ᠌ᠷ᠎ᠠ ᠰᠤᠨᠭᠢᠯᠭᠡ ᠡᠪᠳᠡᠷᠡᠭ᠍ᠰᠡᠨ ᠵᠢᠱᠢᠶ᠎ᠠ ᠴᠤ ᠮᠤᠡᠭ ᠦᠭᠡᠶ ︕
ᠳᠤᠭᠤᠨᠠᠳᠤ ᠭᠡᠷ ᠲᠤ ᠪᠠᠨ ᠡᠵᠡᠨ ᠪᠣᠯᠵᠤ᠂ ᠳᠤᠯᠭ᠎ᠠ ᠲᠡᠶ ᠭᠠᠯ ᠳᠤ ᠪᠠᠨ ᠴᠤᠭ ᠨᠠᠮᠠᠵᠤ ᠠᠮᠢᠳᠤᠷᠠᠬᠤ ᠳᠤ ᠪᠠᠨ ᠠᠵᠢᠯ ᠤᠨ ᠬᠠᠳᠠᠭᠤ᠂ ᠠᠮᠢᠳᠤᠷᠠᠯ ᠤᠨ ᠭᠦᠴᠢᠷ ᠢ ᠰᠢᠳᠤ ᠵᠠᠭᠤᠨ ᠳᠠᠰᠪᠣᠷᠢᠯᠠᠵᠤ᠂ ᠭᠦᠮᠤᠨ ᠤ ᠬᠣᠢ᠌ᠨ᠎ᠠ ᠬᠤᠴᠤᠷᠠᠬᠤ ᠦᠭᠡᠶ᠂ ᠭᠦᠯᠦᠭ᠌ ᠤᠨ ᠳᠤᠭᠤᠰᠤᠨ ᠳᠤ ᠳᠡᠷᠤᠬᠳᠡᠬᠤ ᠦᠭᠡᠶ ᠭᠡᠮᠡᠨ ᠴᠢᠷᠮᠠᠢ᠌ᠵᠤ ᠶᠠᠪᠣᠳᠠᠭ ᠨᠢ ᠡᠷᠡᠴᠤᠳ ᠤᠨ ᠠᠮᠢᠳᠤᠷᠠᠯ ᠤᠨ ᠠᠩᠬᠠᠨ ᠤ ᠣᠯᠪᠠᠭ᠎ᠠ ᠪᠠᠢ᠌ᠵᠤ ᠮᠠᠳᠠᠨ᠎ᠠ᠃ ᠳᠡᠭᠡᠭᠦ ᠳᠤ ᠪᠠᠨ ᠭᠠᠷ ᠥᠵᠦᠭᠦᠷ ᠬᠤᠮᠰᠠ ᠪᠠᠢ᠌ᠭᠰᠠᠨ ᠴᠤ ᠡᠭᠡᠨᠡᠷ ᠪᠦᠰᠡᠭᠦᠢ ᠳᠤ ᠪᠠᠨ《ᠪᠠᠢ᠌ᠨ᠎ᠠ ᠡ ︕》ᠭᠡᠵᠤ ᠪᠦᠳᠦᠭᠦᠨ ᠠᠮᠢᠰᠬᠤᠯᠯᠠᠵᠤ᠂《ᠪᠢ ᠪᠠᠢ᠌ᠬᠤ ᠳᠤ ᠪᠦᠮᠪᠦᠷᠴᠡᠭ᠌ ᠨᠤᠷᠠᠪᠠᠴᠤ ᠬᠠᠮᠢᠶ᠎ᠠ ᠦᠭᠡᠶ》ᠭᠡᠵᠤ ᠰᠥᠷᠡᠭᠡᠢ ᠠᠪᠣᠷᠢᠯᠠᠵᠤ ᠪᠠᠢ᠌ᠪᠠᠴᠤ᠂ ᠵᠢᠷᠦᠭᠡ ᠶᠢ ᠨᠢ ᠭᠦᠡᠵᠢᠭᠦ ᠠᠮᠢᠳᠤᠷᠠᠯ ᠤᠨ ᠬᠠᠳᠠᠭᠤ ᠳᠤᠭᠯᠠᠭᠠᠮ ᠢ ᠦᠪᠡᠷ ᠤᠨ ᠪᠠᠶ᠎ᠠ ᠨᠢ ᠯᠠ ᠣᠢ᠌ᠯᠠᠭᠠᠵᠤ᠂ ᠵᠡᠭᠦᠳᠤ ᠪᠠᠷ ᠶᠢᠡᠨ ᠳᠠᠷᠠ ᠶᠢᠨ ᠠᠯᠴᠢᠭᠤᠷ ᠶᠢᠡᠨ ᠳᠠᠪᠳᠤᠳᠠᠯ᠎ᠠ ᠨᠢᠯᠪᠣᠰᠤ ᠣᠷᠤᠰᠬᠠᠭᠰᠠᠨ ᠢ ᠨᠢ ᠣᠬᠠᠭᠠᠠᠳᠤ ᠬᠠᠨᠢ ᠨᠢ ᠣᠴᠢᠷ ᠢ ᠨᠢ ᠣᠢ᠌ᠯᠭᠠᠭᠰᠠᠨ ᠴᠤ ᠪᠣᠯᠪᠠᠤ ᠳ᠋ᠠ ︖
ᠭᠠᠷ ᠮᠡᠭᠦᠰ᠂ ᠭᠠᠠᠵᠤᠭ᠎ᠠ ᠳᠤᠳᠠᠭᠤ ᠶᠠᠪᠣᠭ᠎ᠠ ᠴᠤ ᠬᠤᠯᠠ ᠶᠢᠨ ᠰᠠᠳᠤᠨ᠂ ᠬᠤᠯᠪᠣᠭ᠎ᠠ ᠨᠠᠢ᠌ᠵᠠ ᠪᠠᠨ ᠥᠵᠡᠭᠡᠤᠨ ᠣᠭᠤᠳᠠ ᠪᠠᠨ ᠭᠦᠪᠢᠭᠦ ᠡᠴᠡ ᠨᠠᠰᠢ ᠵᠤᠭᠰᠤᠬᠤ ᠦᠭᠡᠶ ᠨᠢ ᠣᠬᠠᠭᠠᠨ ᠳᠤᠳᠠᠭᠤ ᠯᠠ ᠪᠢᠰᠢ ᠳ᠋ᠠ ︕ ᠨᠠᠩ ᠢᠯᠠᠩᠭ᠋ᠤᠶ᠎ᠠ ᠭᠦᠮᠤᠨ ᠤ ᠪᠦᠰᠡᠭᠦᠢ ᠲᠡᠶ ᠬᠠᠯᠵᠠ ᠬᠠᠷᠭᠤᠬᠤ ᠳᠤ ᠳᠤᠯᠳᠤᠷᠢᠨ ᠠᠭᠠᠰᠢᠯᠠᠵᠤ᠂ ᠭᠡᠯᠡᠨ ᠮᠡᠷᠭᠡᠨ ᠳᠤᠯᠭᠠᠵᠤ ᠶᠠᠪᠣᠬᠤ ᠵᠢ ᠨᠢ ᠪᠦᠰᠡᠭᠦᠢ ᠨᠢ ᠬᠠᠷᠠᠭᠠᠤᠨ᠂ ᠣᠶᠤᠨ ᠪᠣᠳᠤᠯ ᠳᠤ ᠨᠢ《ᠬᠠᠷᠠᠮᠨᠠᠯ》 ᠤᠨ ᠮᠠᠨᠠᠨ ᠳᠠᠳᠠᠵᠤ᠂ ᠭᠡᠷᠡᠭᠦᠯ ᠤᠨ ᠳᠣᠢ᠌ᠮᠠᠷ ᠰᠢᠳᠠᠬᠤ ᠨᠢ ᠡᠷᠡᠴᠤᠳ ᠵᠢᠡᠨ ᠪᠣᠷᠤᠭᠤ ᠣᠢ᠌ᠯᠠᠭᠠᠭᠰᠠᠨ ᠳᠤ ᠪᠠᠢ᠌ᠬᠤ ᠳ᠋ᠠ ︕ ᠡᠵᠢ ᠶᠢᠨ ᠭᠡᠪᠠᠯᠢ ᠡᠴᠡ ᠮᠡᠡᠳᠦᠯᠡᠭᠦ ᠳᠤ ᠪᠠᠨ ᠡᠷ᠎ᠡ ᠡᠮ᠎ᠡ ᠪᠡᠷ ᠢᠯᠭᠠᠬᠳᠡᠵᠤ᠂ ᠳᠤᠭᠤᠰᠤᠳᠤ ᠶᠢᠷᠳᠢᠠᠴᠤ ᠳᠤ ᠠᠮᠢᠯᠠᠬᠤ ᠳᠤ ᠪᠠᠨ ᠠᠮᠢᠳᠠᠨ ᠵᠦᠢ᠌ ᠶᠢᠨ ᠶᠤᠰᠤ ᠪᠠᠷ ᠠᠷᠭ᠎ᠠ ᠪᠢᠯᠢᠭ᠌ ᠳᠠᠳᠠᠯᠴᠠᠨ᠂ ᠭᠦᠮᠤᠨ ᠤ ᠶᠢᠷᠳᠢᠠᠴᠤ ᠶᠢᠨ ᠣᠴᠢᠷᠯᠠᠯ ᠶᠢᠡᠷ ᠭᠤᠸ᠎ᠠ ᠣᠢ᠌ᠯᠠᠭᠠᠭᠳᠠᠬᠤᠨ ᠢ ᠮᠠᠳᠠᠷᠠᠵᠤ ᠶᠠᠪᠣᠬᠤ ᠨᠢ ᠭᠦᠮᠤᠨ ᠪᠣᠯᠤᠭᠰᠠᠤᠨ ᠤᠨ ᠲᠦᠷᠦᠯᠭᠢ ᠴᠢᠨᠠᠷ ᠭᠡᠳᠡᠭ᠌ ᠢ ᠳᠠ ᠴᠤ ᠣᠢ᠌ᠯᠠᠭᠠᠵᠤ ᠮᠡᠳᠡᠭᠦ ᠶᠤᠰᠤᠳᠠᠢ ︕ ᠭᠡᠳᠤᠨ ᠥᠭᠡ ᠵᠦᠷᠢᠵᠤ᠂ ᠭᠡᠯᠡᠨ ᠮᠡᠷᠭᠡᠨ ᠳᠤᠯᠭᠠᠭᠰᠠᠭᠠᠷ ᠭᠦᠡᠵᠢᠯᠡ ᠳᠤᠳᠤᠷᠠᠭᠢ ᠢᠨᠠᠭ ᠡᠭᠦᠰᠭᠦ ᠪᠠᠷ ᠦᠭᠡᠶ ᠶᠤᠮ ᠰᠢᠤ ︕ ᠣᠴᠢᠷ ᠨᠢ ᠳᠠᠳᠠ ᠪᠣᠯ ᠲᠦᠮᠡᠨ ᠠᠮᠢᠳᠠᠨ ᠤ ᠳᠡᠭᠡᠳᠤ ᠪᠣᠯᠬᠤ ᠭᠦᠮᠤᠨ ᠲᠦᠷᠦᠯᠭᠢᠳᠠᠨ ᠭᠡᠰᠡᠨ ᠢ ᠣᠢ᠌ᠯᠠᠭᠠᠵᠤ ᠶᠠᠪᠣᠭᠠᠷᠠᠢ ︕
ᠬᠠᠰᠠᠭ ᠳᠡᠷᠭᠡᠨ ᠤ ᠨᠢᠭᠡ ᠭᠦᠷᠳᠤ᠂ ᠬᠠᠨᠠᠳᠤ ᠭᠡᠷ ᠤᠨ ᠨᠢᠭᠡ ᠳᠤᠯᠭᠠᠭᠤᠷᠢ ᠡᠷᠡᠴᠤᠳ ᠶᠢᠡᠨ ᠬᠠᠢ᠌ᠷᠠᠯᠠᠵᠤ ᠰᠤᠷᠤᠭᠠᠷᠠᠢ ︕ ᠬᠠᠢ᠌ᠷ᠎ᠠ ᠪᠠᠷ ᠪᠦᠪᠠᠢ᠌ᠯᠡᠭ᠍ᠰᠡᠨ ᠳᠤᠯᠠᠭᠠᠨ ᠡᠪᠠᠢ ᠳᠤ ᠴᠢᠨᠢ ᠠᠮᠢᠳᠤᠷᠠᠯ ᠤᠨ ᠲᠦᠯᠦ ᠪᠠᠳᠠᠷᠠᠬᠤ ᠳᠤ᠂ ᠬᠠᠷᠠᠰᠤᠯ ᠶᠢᠡᠷ ᠠᠮᠢᠰᠬᠤᠯᠯᠠᠭᠰᠠᠨ ᠰᠤᠪᠢᠩ ᠳᠤ ᠬᠠᠯᠠᠭᠤᠨ ᠪᠦᠯᠢ ᠰᠠᠷᠨᠢᠳᠠᠭ ᠭᠡᠰᠡᠨ ᠢ ᠴᠡᠭᠡᠵᠢᠯᠡᠵᠤ ᠶᠠᠪᠣᠭᠠᠷᠠᠢ ︕
ᠪᠤᠰᠡᠭᠦᠢ᠌ᠴᠤᠳ ᠡ ︕
ᠵᠤᠬᠢᠶᠠᠭᠴᠢ᠄ ᠪᠠᠶᠠᠭᠤᠳ · ᠰᠦᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠨᠠᠢᠷᠠᠭᠤᠯᠤᠯᠳᠠᠷᠤᠮ᠄ 6179
ᠴᠠᠭ᠄ 2009 ᠤᠨ ᠤ 06 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ