☆ ᠢᠳᠡᠷᠭᠦᠨ
ᠬᠤᠷᠴᠢᠨ ᠨᠤᠳᠤᠭ ᠤᠨ ᠳᠠᠭᠤᠯᠠᠯ
ᠬᠠᠩᠭ᠋ᠠᠢ ᠳᠠᠯ᠎ᠠ ᠶᠢᠨ ᠳᠡᠪᠢᠰᠭᠡᠷ ᠲᠡᠶ
ᠬᠠᠨ ᠠᠭᠤᠯᠠ ᠶᠢᠨ ᠳᠠᠷᠠ ᠲᠡᠶ
ᠬᠠᠤᠯᠢᠨ ᠭᠤᠤᠯ ᠤᠨ ᠪᠦᠰᠡᠯᠡᠭᠦᠷ ᠲᠡᠶ
ᠬᠤᠷᠴᠢᠨ ᠨᠤᠳᠤᠭ ᠪᠣᠯ ᠮᠢᠨᠤ ᠥᠯᠦᠭᠡᠢ
ᠴᠡᠴᠡᠭ᠍ᠳᠤ ᠰᠠᠢ᠌ᠬᠠᠨ ᠬᠤᠷᠴᠢᠨ ᠤ ᠳᠠᠯ᠎ᠠ
ᠮᠢᠨᠤ ᠰᠡᠳᠭᠢᠯ ᠤᠨ ᠭᠦᠪᠴᠢ ᠪᠢᠯᠠ
ᠴᠡᠩᠭᠡᠯᠳᠤᠨ ᠨᠠᠢ᠌ᠷᠯᠠᠬᠤ ᠮᠤᠩᠭ᠋ᠤᠯ ᠡᠭᠡᠰᠢᠭ᠌
ᠮᠢᠨᠤ ᠣᠬᠠᠭᠠᠨ ᠤ ᠳᠤᠯᠭᠢᠶᠠᠨ ᠪᠢᠯᠠ
ᠲ᠋ᠠᠯ᠎ᠠ ᠳᠤ ᠴᠠᠢ᠌ᠯᠵᠠᠬᠤ ᠢᠰᠡᠭᠡᠢ ᠭᠡᠷ ᠨᠢ
ᠮᠤᠩᠭ᠋ᠤᠯ ᠠᠷᠠᠠᠰᠢᠨ ᠤ ᠮᠢᠨᠢ ᠰᠠᠩ ᠶᠤᠮ
ᠲ᠋ᠠᠪᠠᠭ ᠳᠦᠭᠦᠷᠡᠩ ᠴᠠᠭᠠᠨ ᠢᠳᠡᠭᠡ ᠨᠢ
ᠮᠤᠩᠭ᠋ᠤᠯ ᠰᠤᠶᠤᠯ ᠤᠨ ᠮᠢᠨᠢ ᠭᠦᠮᠦᠷᠭᠡ ᠶᠤᠮ
ᠣᠶᠠᠩᠭ᠋ᠠᠳᠤ ᠰᠠᠢ᠌ᠬᠠᠨ ᠣᠷᠳᠤ ᠶᠢᠨ ᠳᠠᠭᠤᠤ ᠨᠢ
ᠣᠶᠠᠷᠠᠭᠤᠨ ᠮᠥᠷᠳᠡᠭᠡᠨ ᠵᠢᠪᠬᠤᠯᠠᠩᠳᠠᠢ
ᠣᠵᠤᠭᠤᠷ ᠡᠷᠳᠡ ᠳᠡᠦᠭᠡᠨ ᠡᠴᠡ ᠠᠪᠣᠭᠠᠤᠨ
ᠣᠷᠠᠯᠢᠭ ᠨᠠᠢ᠌ᠷ ᠤᠨ ᠴᠢᠮᠡᠭ᠌ ᠶᠤᠮ
ᠣᠩᠭ᠋ᠤᠨ ᠳᠠᠯ᠎ᠠ ᠶᠢᠨ ᠰᠢᠭᠦᠳᠡᠷᠢ ᠭᠢᠰᠭᠢᠭ᠍ᠰᠡᠨ
ᠣᠳᠤ ᠰᠤᠳᠤ ᠪᠣᠯ ᠬᠤᠷᠴᠢᠨ ᠤ ᠵᠠᠯᠠᠭᠤᠰ
ᠡᠩᠭᠡ ᠳᠠᠢ᠌ᠪᠣᠩ ᠢ ᠶᠢᠷᠳᠢᠴᠤ ᠳᠤ ᠳᠦᠭᠡᠭᠡᠭᠦ
ᠡᠷ᠎ᠡ ᠭᠦᠮᠤᠨ ᠪᠣᠯ ᠬᠤᠷᠴᠢᠨ ᠤ ᠵᠠᠯᠠᠭᠤᠰ ︕
ᠵᠤᠬᠢᠶᠠᠭᠴᠢ ᠶᠢᠨ ᠬᠠᠶᠢᠭ ᠄ ᠲᠦᠰᠢᠶᠠᠳᠤ
ᠵᠤᠬᠢᠶᠠᠭᠴᠢ᠄ ᠢᠳᠡᠷᠭᠦᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2010 ᠤᠨ ᠤ 02 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ