ᠨᠡᠪᠲᠡᠷᠡᠨ ᠤᠷᠤᠬᠤ
ᠬᠠᠢ᠌ᠷ᠎ᠠ ᠶᠢᠨ ᠭᠡᠷᠢᠶᠡᠰᠤ

ᠴᠢ ᠮᠢᠨᠢ ᠡᠷᠭᠢᠵᠤ ᠬᠠᠷᠠᠯ ᠦᠭᠡᠶ᠂ ᠬᠤᠷᠤᠰᠤᠯ ᠭᠤᠮᠤᠳᠠᠯ᠂ ᠭᠢᠯᠢᠩᠨᠠᠯ᠂ ᠵᠤᠪᠠᠨᠢᠯ᠂ ᠪᠣᠭᠢᠨᠢᠳᠤᠯ ᠁ ᠪᠦᠭᠦᠨ ᠢ ᠡᠪᠦᠷᠯᠡᠨ ᠰᠠᠯᠵᠤ ᠶᠠᠪᠣᠯ᠎ᠠ᠃ ᠨᠠᠳᠠ ᠡᠴᠠ ᠣᠯᠠᠮ ᠣᠯᠠᠮ ᠬᠤᠯᠠᠳᠠᠵᠤ ᠬᠠᠮᠤᠭ ᠡᠴᠦᠰ ᠲᠡᠭᠡᠨ ᠨᠢᠭᠡ ᠳᠤᠯᠪᠣ ᠬᠠᠷ᠎ᠠ ᠴᠢᠭ᠌ ᠪᠣᠯᠵᠤ ᠬᠠᠷᠠᠠᠠᠳᠠᠬᠤ ᠦᠭᠡᠶ ᠪᠣᠯᠳᠠᠯ᠎ᠠ ᠪᠠᠨ ᠴᠢ ᠮᠢᠨᠢ ᠨᠢᠭᠡ ᠴᠤ ᠡᠷᠭᠢᠵᠤ ᠬᠠᠷᠠᠠᠠᠰᠠᠨ ᠦᠭᠡᠶ᠃ ᠣᠴᠢᠷ ᠨᠢ ᠴᠢ ᠨᠠᠳᠠ ᠶᠢ ᠡᠨᠡ ᠣᠷᠴᠢᠯᠠᠩ ᠳᠡᠭᠡᠷᠡᠭᠢ ᠬᠠᠮᠤᠭ ᠤᠨ ᠬᠤᠷᠤᠰᠤᠯᠳᠠᠢ ᠭᠦᠮᠤᠨ ᠶᠢᠡᠷ ᠪᠣᠳᠤᠵᠤ ᠶᠠᠪᠣᠠᠠᠰᠠᠨ ᠢ ᠴᠢᠨᠢ ᠰᠡᠳᠭᠢᠯ ᠳᠡᠭᠡᠨ ᠪᠢ ᠳᠤᠪ ᠳᠤᠳᠤᠷᠬᠠᠢ ᠮᠠᠳᠠᠵᠤ ᠪᠠᠢ᠌ᠨ᠎ᠡ᠃᠂ ᠭᠡᠳᠡᠯ᠎ᠡ ᠨᠠᠳᠠ ᠳᠤ ᠶᠠᠮᠠᠷ ᠠᠷᠭ᠎ᠠ ᠪᠠᠢ᠌ᠨ᠎ᠠ︖ ᠵᠦᠪᠭᠡᠨ ᠬᠤᠪᠢ ᠵᠠᠶᠠᠭᠠᠨ ᠳᠠᠭᠠᠨ ᠯᠠ ᠭᠤᠮᠤᠳᠠᠵᠤ ᠭᠡᠨ ᠡᠴᠠ ᠴᠤ ᠢᠯᠡᠭᠦᠤ ᠬᠠᠢ᠌ᠷᠠᠳᠠᠢ ᠴᠢᠮ᠎ᠠ ᠳᠠᠭᠠᠨ 〈ᠪᠢ ᠥᠭᠡᠷ᠎ᠡ ᠭᠦᠮᠤᠨ ᠳᠤ ᠰᠡᠳᠭᠢᠯ ᠲᠡᠶ ᠪᠣᠯᠴᠢᠬᠠᠯ᠎ᠠ〉 ᠭᠡᠵᠤ ᠣᠷᠴᠢᠯᠠᠩ ᠳᠡᠯᠡᠭᠡᠢ ᠶᠢᠨ ᠬᠠᠮᠤᠭ ᠤᠨ ᠳᠡᠨᠡᠭ᠌ ᠬᠤᠳᠠᠯ ᠥᠭᠡ ᠶᠢ ᠭᠡᠯᠡᠨ ᠨᠢᠯᠪᠣᠰᠤ ᠣᠨᠠᠭᠠᠵᠤ ᠵᠤᠠᠠᠰᠤᠬᠤ ᠡᠴᠠ ᠪᠠᠰᠠ ᠥᠭᠡᠷ᠎ᠡ ᠠᠷᠭ᠎ᠠ ᠪᠠᠢ᠌ᠨ᠎ᠠ ᠭᠡᠵᠤ ᠦᠦ︖ ᠠᠩᠬ᠎ᠠ ᠡᠭᠢᠯᠡᠩᠭᠦᠳᠡ ᠴᠢ ᠮᠢᠨᠢ ᠢᠳᠡᠭᠡᠭᠦ ᠦᠭᠡᠶ ᠪᠠᠢ᠌ᠠᠠᠰᠠᠨ ᠡᠴᠠ ᠪᠠᠨ ᠡᠴᠦᠰ ᠲᠡᠭᠡᠨ ᠮᠢᠨᠤ ᠳᠡᠷᠡᠭᠦ ᠠᠷᠭ᠎ᠠ ᠦᠭᠡᠶ ᠪᠠᠢ᠌ᠳᠠᠯ ᠤᠨ ᠳᠤᠤᠷ᠎ᠠ ᠭᠡᠯᠡᠵᠤ ᠭᠠᠷᠭᠠᠠᠠᠰᠠᠨ ᠬᠠᠢ᠌ᠷ᠎ᠠ ᠨᠠᠢ᠌ᠷ ᠦᠭᠡᠶ ᠥᠭᠡ ᠶᠢ ᠢᠳᠡᠭᠡᠭᠦ ᠦᠭᠡᠶ ᠪᠠᠢ᠌ᠬᠤ ᠶᠢᠨ ᠠᠷᠭ᠎ᠠ ᠦᠭᠡᠶ ᠪᠣᠯᠤᠠᠠᠰᠠᠨ ᠢ ᠴᠢᠨᠢ ᠪᠢ ᠵᠢᠷᠦᠭᠡ ᠪᠠᠷ ᠶᠢᠡᠨ ᠮᠡᠳᠡᠷᠡᠭ᠍ᠰᠡᠨ︕

ᠴᠢᠮ᠎ᠠ ᠳᠠᠭᠠᠨ ᠪᠢ ᠭᠡᠳᠦᠷᠡᠭᠡᠢ ᠬᠠᠢ᠌ᠷᠠᠳᠠᠢ ᠪᠣᠯᠤᠠᠠᠰᠠᠨ ᠡᠴᠠ ᠡᠢ᠌ᠮᠤ ᠬᠠᠷᠠᠰᠠᠯᠳᠠᠢ ᠳ᠋ᠦ᠋ᠩᠨᠡᠯᠲᠡ ᠭᠢᠵᠤ ᠪᠠᠢ᠌ᠬᠤ ᠶᠢ ᠣᠳᠠᠯ ᠦᠭᠡᠶ ᠴᠢ ᠮᠢᠨᠢ ᠮᠡᠳᠡᠭᠦ ᠶᠤᠰᠤᠳᠠᠢ᠃ ᠭᠡᠳᠡᠯ᠎ᠡ ᠮᠡᠳᠡᠭ᠍ᠰᠡᠨ ᠳᠠᠷᠠ ᠡᠳᠦᠷ ᠪᠢ ᠨᠢᠭᠡᠨᠲᠡ ᠴᠢᠮ᠎ᠠ ᠡᠴᠠ ᠪᠠᠨ ᠠᠶᠠᠷᠯᠠᠨ ᠰᠠᠯᠵᠤ ᠥᠭᠡᠷ᠎ᠡ ᠨᠢᠭᠡ ᠶ‍ᠢᠷᠳᠢᠠᠴᠤ ᠳᠤ ᠴᠢᠨᠤᠭᠢ ᠪᠠᠨ ᠰᠠᠢ᠌ᠨ ᠰᠠᠢ᠌ᠬᠠᠨ ᠤ ᠲᠦᠯᠦᠭᠡ ᠵᠠᠯᠪᠠᠷᠢᠨ ᠳᠠᠭᠠᠳᠬᠠᠵᠤ ᠪᠠᠢ᠌ᠬᠤ ᠮᠢᠨᠢ ᠭᠡᠳᠥᠢ᠌ᠴᠢᠨᠡᠨ ᠬᠠᠷᠠᠰᠠᠯᠳᠠᠢ ᠠᠵᠢ︕ ᠨᠠᠳᠠ ᠶᠢ ᠶᠠᠭᠠᠭᠢᠵᠤ ᠬᠠᠷᠢᠶᠠᠵᠤ ᠬᠤᠷᠤᠰᠪᠠᠴᠤ ᠬᠠᠮᠢᠶ᠎ᠠ ᠦᠭᠡᠶ᠂ ᠡᠨᠡ ᠨᠢ ᠰᠡᠳᠭᠢᠯ ᠰᠠᠨᠠᠭᠠᠨ ᠳᠤ ᠮᠢᠨᠢ ᠦᠴᠦᠭᠡᠨ ᠴᠤ ᠭᠡᠰᠡᠨ ᠳᠠᠢ᠌ᠤᠠᠬᠠᠷᠠᠯᠠᠯ ᠪᠣᠯᠬᠤ ᠪᠢᠯᠢᠤ︕ ᠬᠠᠢ᠌ᠷᠠᠳᠤ ᠮᠢᠨᠢ᠂ ᠡᠨᠡ ᠴᠠᠭ ᠮᠦᠴᠡ ᠳᠤ ᠮᠢᠨᠤ ᠰᠡᠳᠭᠢᠯ ᠵᠢᠷᠦᠭᠡ ᠴᠤ ᠡᠪᠠᠦᠡᠭᠦ ᠶᠢᠨ ᠲᠤᠢ᠌ᠯ ᠳᠤ ᠭᠦᠷᠴᠤ ᠪᠠᠢ᠌ᠨ᠎ᠠ ᠰᠢᠤ︕ ᠪᠢ ᠴᠢᠮ᠎ᠠ ᠲᠡᠶ ᠪᠠᠨ ᠢᠯᠡᠭᠦᠤ ᠭᠡᠳᠤᠨ ᠡᠳᠦᠷ ᠬᠠᠮᠳᠤ ᠪᠠᠢ᠌ᠬᠤ ᠳᠤᠷ᠎ᠠ ᠦᠭᠡᠶ ᠭᠡᠵᠤ ᠦᠦ︖ ᠪᠢ ᠭᠦᠮᠤᠨ ᠤ ᠶ‍ᠢᠷᠳᠢᠠᠴᠤ ᠳᠤ ᠢᠯᠡᠭᠦᠤ ᠭᠡᠳᠤᠨ ᠡᠳᠦᠷ ᠠᠮᠢᠳᠤᠷᠠᠬᠤ ᠰᠠᠨᠠᠭ᠎ᠠ ᠦᠭᠡᠶ ᠭᠡᠵᠤ ᠦᠦ︖ ᠳᠠᠢ᠌ᠮᠤ ᠪᠢᠰᠢ᠂ ᠭᠡᠨ ᠡᠴᠠ ᠴᠤ ᠢᠯᠡᠭᠦᠤ ᠡᠨᠡ ᠪᠦᠭᠦᠨ ᠢ ᠭᠦᠰᠡᠮᠵᠢᠯᠡᠵᠤ ᠪᠠᠢ᠌ᠬᠤ ᠶᠢ ᠪᠢ ᠦᠪᠡᠷ ᠶᠢᠡᠨ ᠯᠠ ᠰᠠ‍‌ᠶᠢ ᠮᠡᠳᠡᠭᠦ ᠶᠤᠮ᠃ ᠭᠡᠳᠡᠯ᠎ᠡ  ᠲ᠋ᠡᠭᠷᠢ ᠪᠣᠷᠬᠠᠨ ᠨᠠᠳᠠᠳᠤ ᠳᠠᠩᠴᠤ ᠬᠠᠳᠠᠭᠤ ᠬᠠᠠᠳᠤᠵᠠᠢ᠃ ᠴᠢᠰᠤ ᠴᠠᠢ᠌ᠷᠠᠬᠤ ᠡᠪᠡᠳᠴᠢᠨ ᠣᠯᠤᠠᠠᠰᠠᠨ ᠶᠢᠡᠨ ᠮᠡᠳᠡᠭ᠍ᠰᠡᠨ ᠳᠠᠷᠠ ᠊ᠭ᠍ᠱᠡᠨ ᠳᠤ ᠳᠠᠷᠢᠭᠢᠨ ᠳᠤ ᠮᠢᠨᠢ ᠴᠢᠨᠤ ᠳᠦᠷᠢ ᠬᠠᠮᠤᠭ ᠤᠨ ᠳᠡᠷᠢᠭᠦᠨ ᠳᠤ ᠬᠠᠷᠪᠤᠨ ᠣᠷᠤᠠᠠᠰᠠᠨ᠃ ᠳᠠᠢ᠌ᠮᠤ᠂ ᠬᠠᠮᠤᠭ ᠳᠡᠷᠢᠭᠦᠨ ᠳᠤ ᠴᠢ ᠮᠢᠨᠢ ᠪᠣᠳᠤᠠᠠᠳᠠᠬᠤ ᠶᠤᠰᠤᠳᠠᠢ᠃ ᠣᠴᠢᠷ ᠨᠢ ᠡᠭᠡ ᠳᠡᠯᠡᠭᠡᠢ ᠶᠢᠨ ᠦᠷᠤᠴᠠᠨ ᠳᠤ ᠳᠤᠷᠨᠢᠭᠤᠯᠵᠤ ᠥᠰᠭᠡᠭ᠍ᠰᠡᠨ ᠠᠪᠣ ᠡᠵᠢ ᠬᠤᠶᠠᠷ ᠮᠢᠨᠢ ᠥᠭᠡᠷ᠎ᠡ ᠨᠢᠭᠡ ᠶ‍ᠢᠷᠳᠢᠠᠴᠤ ᠳᠤ ᠶᠠᠪᠣᠠᠠᠰᠠᠨ ᠡᠴᠠ ᠬᠣᠢ᠌ᠰᠢ ᠰᠠᠳᠤᠨ ᠤ ᠪᠠᠨ ᠭᠠᠷ ᠢ ᠬᠠᠯᠢᠶᠠᠨ ᠥᠰᠦᠭ᠍ᠰᠡᠨ ᠨᠠᠳᠠ ᠶᠢ ᠠᠮᠢᠳᠤᠷᠠᠬᠤ ᠭᠦᠰᠡᠯ ᠢ ᠮᠢᠨᠢ ᠭᠦᠪᠴᠢᠯᠡᠨ᠂ ᠭᠦᠮᠤᠨ ᠢ ᠬᠠᠢ᠌ᠷᠠᠯᠠᠬᠤ ᠪᠣᠯᠤᠨ ᠬᠠᠢ᠌ᠷᠠᠯᠠᠠᠠᠳᠠᠬᠤ ᠶᠢᠨ ᠣᠴᠢᠷ ᠢ ᠣᠢ᠌ᠯᠠᠭᠤᠯᠤᠠᠠᠰᠠᠨ ᠰᠢᠤ︕ ᠡᠢ᠌ᠮᠤ ᠡᠴᠠ ᠪᠢ ᠴᠢᠮ᠎ᠠ ᠳᠠᠭᠠᠨ ᠭᠦᠨ ᠡᠴᠠ ᠭᠦᠨ ᠳᠠᠯᠠᠷᠬᠠᠬᠤ ᠶᠤᠰᠤᠳᠠᠢ︕

ᠶᠡᠭᠡ ᠰᠤᠷᠭᠠᠭᠤᠯᠢ ᠶᠢᠨ ᠡᠭᠦᠳᠡᠨ ᠪᠣᠱᠤᠭ᠎ᠠ ᠶᠢ ᠠᠯᠬᠤᠨ ᠣᠷᠤᠠᠠᠰᠠᠨ ᠳᠠᠷᠠ ᠡᠳᠦᠷ ᠴᠢᠮ᠎ᠠ ᠲᠡᠶ ᠪᠠᠨ ᠳᠠᠨᠢᠯᠴᠠᠠᠠᠰᠠᠨ ᠡᠴᠠ ᠠᠪᠣᠭᠠᠤᠨ ᠨᠢᠭᠡᠨᠲᠡ ᠵᠢᠷᠭᠤᠭᠠᠨ ᠬᠠᠪᠣᠷ ᠨᠠᠮᠤᠷ ᠢ ᠥᠩᠭᠡᠷᠡᠴᠢᠭᠡᠭ᠍ᠰᠡᠨ ᠪᠢᠯᠠ︕ ᠡᠨᠡ ᠵᠢᠷᠭᠤᠭᠠᠨ ᠵᠢᠯ ᠤᠨ ᠡᠭᠢᠨ ᠤ ᠳᠦᠷᠪᠠᠨ ᠵᠢᠯ ᠤᠨ ᠣᠶᠤᠳᠠᠨ ᠤ ᠠᠮᠢᠳᠤᠷᠠᠯ ᠢ ᠥᠩᠭᠡᠷᠡᠭᠦᠯᠭᠦ ᠳᠡᠭᠡᠨ ᠠᠮᠢᠳᠤᠷᠠᠯ ᠰᠤᠷᠤᠯᠭ᠎ᠠ ᠳᠠᠭᠠᠨ ᠨᠢᠭᠡ ᠨᠢᠭᠡᠨ ᠳᠡᠭᠡᠨ ᠳᠦᠰᠢᠭ᠌ ᠪᠣᠯᠤᠨ ᠢᠷᠡᠭᠡᠳᠦᠢ ᠶᠢᠨ ᠶᠢᠡᠨ ᠳᠤᠬᠠᠢ ᠵᠢᠷᠤᠠᠠᠯᠠᠨ ᠪᠠᠢ᠌ᠬᠤ ᠳᠠᠭᠠᠨ ᠬᠤᠷᠸ᠎ᠠ ᠳᠡᠭᠡᠷᠡᠭᠢ ᠬᠠᠮᠤᠭ ᠤᠨ ᠵᠢᠷᠭᠠᠯᠳᠠᠢ ᠭᠦᠮᠤᠨ ᠭᠡᠵᠤ ᠪᠣᠳᠤᠵᠤ ᠶᠠᠪᠣᠠᠠᠰᠠᠨ ᠮᠢᠨᠢ ᠦᠨᠡᠨ ᠰᠢᠤ︕ ᠪᠢᠳᠠᠨ ᠬᠤᠶᠠᠭᠤᠯᠠ ᠶᠢᠨ ᠰᠤᠷᠭᠠᠭᠤᠯᠢ ᠶᠢᠨ ᠭᠦᠷᠢᠶᠡᠨ ᠳᠤ ᠭᠢᠰᠭᠢᠵᠤ ᠶᠠᠪᠣᠠᠠᠰᠠᠨ ᠰᠢᠷᠤᠢ ᠪᠦᠭᠦᠨ᠂ ᠰᠠᠭᠤᠵᠤ ᠥᠩᠭᠡᠷᠡᠭ᠍ᠰᠡᠨ ᠭᠠᠵᠠᠷ ᠪᠣᠯᠭᠠᠨ᠂ ᠳᠠᠭᠤᠯᠠᠵᠤ ᠣᠭᠢᠯᠠᠵᠤ ᠶᠠᠪᠣᠠᠠᠰᠠᠨ ᠪᠦᠭᠦᠨ ᠴᠦᠮ ᠦᠴᠦᠭᠡᠳᠦᠷ ᠤᠨ ᠶᠠᠪᠣᠳᠠᠯ ᠰᠢᠭ᠌ ᠳᠤᠪ ᠳᠤᠳᠤᠷᠬᠠᠢ ᠡᠷᠢᠭ᠍ᠳᠡᠨ᠎ᠡ᠃ ᠡᠨᠡ ᠪᠦᠭᠦᠨ ᠢ ᠰᠤᠷᠭᠠᠭᠤᠯᠢ ᠶᠢᠨ ᠭᠦᠷᠢᠶᠡᠨ ᠳ᠋ᠠᠭᠢ ᠣᠯᠢᠶᠠᠰᠤᠨ ᠮᠤᠳᠤ᠂ ᠴᠠᠭᠢᠷᠮ᠎ᠠ ᠴᠡᠴᠡᠭ᠌᠂ ᠪᠠᠳᠤᠴᠠᠭᠠᠨ ᠤ ᠨᠠᠪᠴᠢᠨ ᠭᠦᠷᠳᠡᠯ᠎ᠡ ᠰᠢᠩᠭᠡᠭᠡᠭ᠍ᠰᠡᠨ ᠪᠠᠢ᠌ᠬ᠎ᠠ︕ ᠬᠠᠷᠠᠴᠠ ᠳᠤ ᠴᠢᠨᠢ ᠰᠤᠠᠠᠳᠤᠭᠤᠷᠠᠨ ᠪᠠᠢ᠌ᠵᠤ᠂ ᠭᠦᠮᠤᠨ ᠤ ᠠᠮᠢᠳᠤᠷᠠᠯ ᠤᠨ ᠵᠤᠪᠠᠨᠢᠯ ᠵᠢᠷᠭᠠᠯ ᠢ ᠬᠤᠪᠢᠶᠠᠯᠴᠠᠨ ᠡᠳ᠋ᠯᠡᠵᠤ᠂ ᠬᠣᠢ᠌ᠰᠢᠳᠠ ᠶᠢᠨ ᠢᠷᠡᠭᠡᠳᠦᠢ ᠶᠢᠨ ᠶᠢᠡᠨ ᠰᠠᠢ᠌ᠨ ᠰᠠᠢ᠌ᠬᠠᠨ ᠢ ᠳᠦᠷᠰᠤᠯᠠᠨ ᠪᠣᠳᠤᠵᠤ ᠠᠠᠳᠠᠭᠠᠢ᠌ᠯᠠᠨ᠂ ᠠᠰᠢᠳᠠ ᠶᠢᠨ ᠳᠠᠷᠠ ᠵᠢᠷᠭᠠᠯ ᠤᠨ ᠲᠦᠯᠦᠭᠡ ᠠᠷᠭ᠎ᠠ ᠦᠭᠡᠶ ᠢᠷᠡᠭ᠍ᠰᠡᠨ ᠶᠡᠭᠡ ᠰᠤᠷᠭᠠᠭᠤᠯᠢ ᠶᠢᠨ ᠳᠡᠭᠦᠰᠦᠯᠳᠡ ᠶᠢᠨ ᠰᠠᠯᠤᠯᠳᠠ ᠶᠢ ᠢᠨᠢᠶᠠᠳᠤ ᠲᠡᠶ ᠨᠢᠯᠪᠣᠰᠤ ᠲᠡᠶ ᠭᠦᠯᠢᠶᠡᠵᠤ ᠠᠪᠣᠠᠠᠰᠠᠨ ᠳᠠᠷᠠ ᠮᠦᠴᠡ ᠡᠴᠠ ᠡᠭᠢᠯᠡᠨ ᠰᠠᠨᠠᠬᠤ ᠶᠢᠨ ᠵᠤᠪᠠᠯᠠᠩ ᠢ ᠵᠢᠩᠭᠢᠨᠢ ᠪᠠᠷ ᠮᠡᠳᠡᠷᠡᠭ᠍ᠰᠡᠨ᠃

ᠭᠦᠳᠡᠭᠡ ᠳᠡᠭᠡᠨ ᠬᠠᠷᠢᠠᠠᠰᠠᠨ ᠪᠢ ᠣᠷᠤᠢ ᠪᠦᠷᠢ ᠴᠢᠮ᠎ᠠ ᠪᠠᠨ ᠵᠡᠭᠦᠳᠦᠯᠡᠨ ᠣᠭᠢᠯᠠᠵᠤ ᠰᠡᠷᠢᠭᠦ ᠳᠤ ᠰᠡᠳᠭᠢᠯ ᠳᠠᠩᠴᠤ ᠬᠠᠩᠭ᠋ᠡᠢ᠃ ᠭᠡᠳᠡᠯ᠎ᠡ ᠪᠢᠳᠠᠨ ᠬᠤᠶᠠᠷ ᠬᠡᠳᠦᠢ᠌ᠪᠡᠷ ᠬᠤᠶᠠᠷ ᠭᠠᠵᠠᠷ ᠲᠤ ᠰᠠᠯᠵᠤ ᠪᠠᠢ᠌ᠪᠠᠴᠤ ᠰᠡᠳᠭᠢᠯ ᠵᠢᠷᠦᠭᠡ ᠮᠠᠨᠢ ᠬᠠᠮᠳᠤ ᠴᠤᠭᠢᠯᠠᠵᠤ ᠶᠠᠮᠠᠷ ᠶᠡᠭᠡ ᠵᠤᠪᠠᠯᠠᠩ ᠢ ᠴᠤ ᠢᠯᠠᠨ᠂ ᠠᠮᠢᠳᠤᠷᠠᠯ ᠤᠨ ᠳᠠᠪᠢᠯᠠᠩ ᠳᠤ ᠬᠠᠮᠳᠤ ᠳᠠᠭᠠᠨ ᠣᠷᠤᠠᠠᠰᠢᠯᠠᠬᠤ ᠳᠤ ᠢᠳᠡᠭᠡᠯ ᠳᠡᠭᠦᠯᠳᠡᠷ ᠪᠠᠢ᠌ᠯ᠎ᠠ᠃ ᠴᠢ ᠮᠢᠨᠢ ᠮᠢᠨᠤ ᠲᠦᠯᠦᠭᠡ ᠬᠤᠳᠠ ᠳᠤ ᠠᠵᠢᠯ ᠣᠯᠭᠤᠬᠤ ᠭᠡᠳ ᠡ᠊ᠨᠳᠡ ᠳᠠᠠᠳᠠ ᠭᠦᠶ‍ᠦᠵᠤ ᠪᠠᠢ᠌ᠠᠠᠰᠠᠭᠠᠷ ᠡᠴᠦᠰ ᠲᠡᠭᠡᠨ ᠨᠠᠳᠠ ᠶᠢ ᠬᠤᠳᠠ ᠶᠢᠨ ᠨᠢᠭᠡ ᠪᠠᠭ᠎ᠠ ᠰᠤᠷᠭᠠᠭᠤᠯᠢ ᠳᠤ ᠪᠠᠢ᠌ᠷᠢᠰᠢᠭᠤᠯᠤᠠᠠᠰᠠᠨ᠃ ᠳᠠᠷᠠ ᠦᠶ᠎ᠡ ᠳᠤ ᠪᠢᠳᠠᠨ ᠤ ᠠᠮᠢᠳᠤᠷᠠᠯ ᠬᠡᠳᠦᠢ᠌ᠪᠡᠷ ᠭᠦᠴᠢᠷᠳᠡᠢ ᠶᠠᠳᠠᠭᠤᠬᠠᠨ ᠪᠠᠢ᠌ᠠᠠᠰᠠᠨ ᠴᠤ ᠠᠷᠢᠭᠤᠨ ᠴᠠᠭᠠᠨ ᠬᠠᠢ᠌ᠷ᠎ᠠ᠂ ᠭᠡᠭᠡᠨ ᠰᠠᠷᠠᠭᠤᠯ ᠢᠷᠡᠭᠡᠳᠦᠢ ᠶᠢᠨ ᠲᠦᠯᠦᠭᠡ ᠴᠢ ᠪᠢᠳᠠ ᠬᠤᠶᠠᠷ ᠴᠦᠮ ᠳᠡᠭᠡᠨ ᠳᠤᠷᠠᠳᠠᠢ ᠵᠤᠪᠠᠳᠠᠭ ᠪᠠᠢ᠌ᠠᠠᠰᠠᠨ᠃ ᠥᠨᠡᠭᠡᠷ ᠴᠤ ᠲᠤᠩ ᠰᠡᠳᠭᠢᠯ ᠳᠦᠭᠦᠷᠡᠩ ᠵᠢᠷᠭᠠᠯᠳᠠᠢ ᠴᠠᠭ ᠮᠦᠴᠡ ᠪᠠᠢ᠌ᠵᠠᠢ᠃ ᠭᠡᠳᠡᠯ᠎ᠡ ᠳᠡᠭ᠍ᠷᠢ ᠪᠣᠷᠬᠠᠨ ᠡᠴᠠ ᠨᠠᠳᠠᠳᠤ ᠡᠨᠡᠭᠦ ᠵᠢᠷᠭᠠᠯ ᠢ ᠣᠳᠠᠭᠠᠨ ᠡᠳ᠋ᠯᠡᠭᠦᠯᠦᠭ᠍ᠰᠡᠨ ᠦᠭᠡᠶ ᠶᠢ ᠶᠠᠭᠠᠭᠢᠯᠳᠠᠢ ᠪᠢᠯᠠ︕ ᠪᠣᠷᠬᠠᠨ ᠳᠡᠭᠷᠢ ᠡᠴᠠ ᠳᠤᠭᠠᠯᠠᠵᠤ ᠳᠠᠯᠪᠢᠠᠠᠰᠠᠨ ᠨᠠᠰᠤ ᠮᠢᠨᠢ ᠭᠦᠢᠴᠡᠭ᠍ᠰᠡᠨ ᠭᠡᠵᠤ ᠦᠦ︖ ᠴᠢ ᠮᠢᠨᠢ ᠭᠡᠷᠪᠡ ᠮᠢᠨᠤ ᠡᠪᠡᠳᠴᠢᠨ ᠤ ᠪᠠᠢ᠌ᠳᠠᠯ ᠢ ᠮᠡᠳᠡᠳᠡᠭ᠌ ᠲᠤ ᠭᠦᠷᠪᠠᠯ ᠶᠠᠭᠠᠭᠢᠠᠠᠰᠠᠨ ᠴᠤ ᠨᠠᠳᠠ ᠶᠢ ᠬᠠᠶᠠᠵᠤ ᠶᠠᠪᠣᠬᠤ ᠦᠭᠡᠶ᠂ ᠨᠠᠳᠠ ᠲᠡᠶ ᠬᠠᠮᠳᠤ ᠡᠨᠡᠭᠦ ᠭᠦᠮᠤᠨ ᠤ ᠠᠮᠢᠳᠤᠷᠠᠯ ᠤᠨ ᠬᠠᠮᠤᠭ ᠤᠨ ᠬᠠᠷᠠᠩᠭ᠋ᠤᠢ᠂ ᠣᠢ᠌ᠤᠠᠬᠠᠷᠳᠠᠢ᠂ ᠵᠤᠪᠠᠨᠢᠯᠳᠠᠢ ᠡᠳᠦᠷ ᠬᠤᠨᠤᠭ ᠢ ᠳᠤᠭᠤᠯᠠᠳᠠᠭ ᠢ ᠴᠢᠨᠢ ᠮᠡᠳᠡᠭᠦ ᠪᠣᠯᠬᠤᠷ ᠡᠨᠡ ᠪᠦᠭᠦᠨ ᠢ ᠴᠢᠮ᠎ᠠ ᠳᠠᠭᠠᠨ ᠭᠡᠯᠡᠭᠦ ᠡᠴᠠ ᠰᠡᠳᠭᠢᠯ ᠮᠢᠨᠢ ᠭᠦᠷᠭᠦ ᠦᠭᠡᠶ ᠪᠠᠢ᠌ᠨ᠎ᠠ᠃ ᠬᠠᠰᠢ ᠯᠠ ᠴᠢᠮ᠎ᠠ ᠲᠡᠶ ᠪᠠᠨ ᠢᠩᠭᠢᠵᠤ ᠰᠠᠯᠬᠤ ᠶᠤᠰᠤ ᠭᠦᠢᠴᠡᠳᠭᠡᠭᠦ ᠮᠢᠨᠢ ᠳᠠᠭᠠᠷᠠᠮᠵᠢᠳᠠᠢ ᠰᠢᠭ᠃ ᠭᠡᠳᠤᠨ ᠣᠳᠠᠭ᠎ᠠ ᠴᠢᠨᠤ ᠪᠠᠨ ᠬᠠᠵᠠᠭᠤ ᠳᠤ ᠪᠠᠶ᠎ᠠ ᠮᠠᠭᠤᠳᠠᠬᠤ ᠳᠤ ᠰᠠᠷᠠᠵᠤ ᠮᠡᠳᠡᠭᠦ ᠡᠴᠠ ᠴᠢᠨᠢ ᠪᠣᠯᠭᠤᠮᠵᠢᠯᠠᠨ ᠬᠠᠨᠢᠶᠠᠳᠤᠨ ᠭᠦᠷᠳᠡᠵᠤ᠂ ᠳᠠᠮᠢᠷ ᠵᠢᠭᠠᠬᠠᠨ ᠳᠤᠷᠣᠢ᠌ᠳᠠᠵᠤ ᠪᠠᠢ᠌ᠨ᠎ᠠ᠂ ᠰᠠᠢ᠌ᠨ ᠠᠮᠠᠷᠠᠠᠠᠰᠠᠭᠠᠷ ᠪᠣᠯᠴᠢᠬᠠᠨ᠎ᠠ ᠭᠡᠵᠤ ᠬᠤᠳᠠᠯ ᠭᠡᠯᠡᠵᠤ ᠥᠩᠭᠡᠷᠡᠭᠦᠯᠦᠭ᠍ᠰᠡᠨ᠃ ᠳᠠᠷᠠ ᠦᠶ᠎ᠡ ᠳᠤ ᠡᠷᠯᠢᠭ᠌ ᠤᠨ ᠡᠯᠴᠢ ᠰᠤᠮᠤᠨ ᠤ ᠥᠵᠦᠭᠦᠷ ᠶᠢᠡᠨ ᠠᠯᠢ ᠭᠡᠳᠤᠨ ᠮᠢᠨᠤ ᠵᠥᠭ᠌ ᠬᠠᠠᠳᠤᠭᠤᠯᠤᠠᠠᠰᠠᠨ ᠪᠠᠢ᠌ᠵᠤ ᠳ᠋ᠠ︕ ᠣᠢ᠌ᠯᠠᠭᠠᠭᠠᠴᠢ ︕ ᠬᠠᠢ᠌ᠷᠠᠳᠤ ᠮᠢᠨᠢ᠂ ᠴᠢᠮᠠᠳᠠᠭᠠᠨ ᠣᠬᠠᠭᠠᠨ ᠦᠭᠡᠶ ᠬᠠᠢ᠌ᠷᠠᠳᠤ ᠨᠠᠮ᠎ᠠ ᠪᠠᠨ︕ ᠪᠢ ᠶᠠᠪᠣᠠᠠᠰᠠᠨ ᠤ ᠰᠡᠭᠦᠯᠡᠷ ᠮᠢᠨᠤ ᠲᠦᠯᠦᠭᠡ ᠳᠠᠩᠴᠢ ᠵᠤᠪᠠᠠᠠᠰᠠᠨ ᠤ ᠭᠡᠷᠡᠭ᠌ ᠦᠭᠡᠶ᠂ ᠬᠠᠢ᠌ᠷᠠᠳᠤ ᠠᠪᠣ ᠡᠵᠢ ᠮᠢᠨᠢ ᠦᠬᠢᠨ ᠨᠠᠮ᠎ᠠ ᠪᠠᠨ ᠰᠠᠨᠠᠠᠠᠰᠠᠨ ᠪᠠᠢ᠌ᠬ᠎ᠠ︕ ᠪᠢ ᠴᠤ ᠬᠤᠶᠠᠷ ᠨᠠᠰᠤᠳᠠᠨ ᠲᠡᠶ ᠪᠠᠨ ᠬᠠᠮᠳᠤ ᠪᠠᠢ᠌ᠬᠤ ᠶᠤᠮ ᠴᠢᠨᠢ︕ ᠣᠷᠴᠢᠯᠠᠩ ᠤᠨ ᠶᠠᠭᠤ ᠪᠦᠭᠦᠨ ᠬᠤᠳᠠᠯ ᠪᠠᠢ᠌ᠵᠤ ᠪᠣᠯᠤᠨ᠎ᠠ᠂ ᠭᠡᠭᠦ ᠳᠡᠭᠡᠨ ᠴᠢᠮ᠎ᠠ ᠪᠠᠨ ᠬᠠᠢ᠌ᠷᠠᠯᠠᠬᠤ ᠰᠡᠳᠭᠢᠯ ᠮᠢᠨᠢ ᠡᠭᠦᠷᠢᠳᠡ ᠶᠢᠨ ᠦᠨᠡᠠᠴᠢ ᠳᠤᠠᠠᠳᠤᠯᠤᠯ ᠪᠣᠯᠵᠤ ᠨᠠᠳᠠ ᠶᠢ ᠲᠠᠭᠠᠨ ᠨᠠᠰᠤ ᠨᠠᠰᠤ ᠣᠨ ᠣᠨ ᠭᠠᠯᠪᠠ ᠪᠣᠯᠭᠠᠨ ᠳᠤ ᠮᠥᠩᠭᠡᠷᠡᠭᠦ ᠶᠢ ᠢᠳᠡᠭᠡᠭᠡᠷᠡᠢ︕ ᠴᠢᠨᠤ ᠬᠠᠮᠤᠭ ᠤᠨ ᠳᠤᠷᠠᠳᠠᠢ ᠳᠠᠭᠤᠯᠬᠤ ᠳᠠᠠᠭᠤᠤ 〈ᠴᠢ ᠮᠢᠨᠢ ᠪᠠᠢ᠌ᠭ᠎ᠠ ᠪᠣᠯᠬᠤᠷ〉 ᠭᠡᠳᠡᠭ᠌ ᠳᠠᠭᠤᠤ ᠪᠢ ᠡ᠊ᠨᠳᠡ ᠬᠤᠭᠤᠯᠢ ᠪᠠᠷ ᠶᠢᠡᠨ ᠪᠢᠰᠢ᠂ ᠰᠡᠳᠭᠢᠯ ᠶᠢᠡᠷ ᠶᠢᠡᠨ ᠴᠢᠮ᠎ᠠ ᠠᠶᠠᠯᠠᠭᠤᠯᠵᠤ᠂ ᠴᠢᠮᠠᠳᠠᠭᠠᠨ ᠠᠵᠠ ᠵᠢᠷᠭᠠᠯ ᠢ ᠪᠠᠯᠡᠭᠯᠡᠵᠤ ᠴᠢᠳᠠᠬᠤ ᠦᠭᠡᠶ ᠪᠣᠯᠤᠠᠠᠰᠠᠨ᠂ ᠠᠮᠢᠳᠤᠷᠠᠯ ᠳᠤ ᠴᠢᠨᠢ ᠭᠡᠷᠡᠯ ᠭᠡᠭᠡ ᠠᠪᠴᠢᠷᠠᠵᠤ ᠴᠢᠳᠠᠬᠤ ᠦᠭᠡᠶ ᠪᠣᠯᠤᠠᠠᠰᠠᠨ ᠢ ᠮᠢᠨᠢ ᠠᠭᠤᠴᠢᠯᠠᠭᠠᠷᠠᠢ︕ ᠬᠠᠢ᠌ᠷᠠᠳᠤ ᠮᠢᠨᠢ︕ ᠡᠴᠦᠰ ᠤᠨ ᠠᠮᠢᠰᠬᠤᠭ᠎ᠠ ᠪᠠᠨ ᠴᠢᠨᠤ ᠡᠪᠦᠷ ᠳᠤ ᠬᠤᠷᠢᠶᠠᠶ᠎ᠠ ᠭᠡᠵᠤ ᠪᠢ ᠭᠡᠳᠥᠢ᠌ᠴᠢᠨᠡᠨ ᠭᠦᠰᠡᠵᠤ ᠪᠠᠢ᠌ᠬᠤ ᠶᠢ ᠴᠢ ᠮᠠᠳᠠᠨ᠎ᠠ ᠦᠦ︖ ᠭᠡᠳᠠᠯ᠎ᠠ ᠪᠢ ᠡᠨᠡ ᠴᠠᠭ ᠮᠦᠴᠡ ᠭᠦᠷᠳᠡᠯ᠎ᠡ ᠪᠢ ᠴᠢᠮ᠎ᠠ ᠪᠠᠨ ᠰᠠᠨᠠᠬᠤ ᠶᠢᠨ ᠶᠡᠭᠡ ᠰᠠᠨᠠᠵᠤ ᠶᠠᠪᠣᠬᠤ ᠮᠢᠨᠢ ᠯᠠᠪᠳᠠᠢ︕ ᠭᠡᠭᠦ ᠳᠡᠭᠡᠨ ᠬᠠᠢ᠌ᠷ᠎ᠠ ᠨᠠᠢ᠌ᠷ ᠦᠭᠡᠶ ᠰᠠᠯᠤᠯᠳᠠ ᠭᠢᠭ᠍ᠰᠡᠨ ᠢ ᠮᠢᠨᠢ ᠦᠷᠦᠰᠢᠶᠡᠭᠦ ᠪᠣᠯᠪᠠᠤ︕ ᠬᠤᠪᠢ ᠳᠠᠪᠢᠯᠠᠩ ᠨᠠᠳᠠᠳᠤ ᠬᠡᠳᠦᠢ᠌ᠪᠡᠷ ᠬᠠᠷᠠᠳᠠᠢ ᠬᠠᠠᠳᠤᠠᠠᠰᠠᠨ ᠪᠣᠯᠪᠠᠴᠤ᠂ ᠠᠮᠢᠳᠤᠷᠠᠯ ᠴᠢᠮ᠎ᠠ ᠳᠤ ᠵᠦᠪ ᠬᠠᠠᠳᠤᠬᠤ ᠣᠴᠢᠷᠳᠠᠢ︕ ᠬᠠᠢ᠌ᠷ᠎ᠠ ᠶᠢᠨ ᠰᠠᠭᠢᠭᠤᠰᠤ ᠮᠢᠨᠢ︕ ᠬᠣᠢ᠌ᠳᠤ ᠳᠦᠷᠤᠯ ᠭᠡᠮᠡᠨ ᠪᠠᠢ᠌ᠳᠠᠭ ᠶᠤᠮ ᠪᠣᠯ ᠪᠢ ᠭᠠᠠᠠᠴᠠᠬᠠᠨ ᠴᠢᠨᠤᠭᠢ ᠪᠠᠨ ᠪᠠᠢ᠌ᠵᠤ᠂ ᠣᠷᠴᠢᠯᠠᠩ ᠬᠤᠷᠸ᠎ᠠ ᠳᠤ ᠥᠳᠡᠯᠡᠭᠦ ᠶᠤᠮᠰᠠᠨ︕ ᠬᠤᠷᠸ᠎ᠠ ᠳᠠᠭᠢ ᠠᠵᠠ ᠵᠢᠷᠭᠠᠯ᠂ ᠰᠠᠢ᠌ᠨ ᠰᠠᠢ᠌ᠬᠠᠨ ᠪᠦᠭᠦᠨ ᠴᠦᠮ ᠴᠢᠮ᠎ᠠ ᠳᠤ ᠮᠢᠨᠢ ᠬᠤᠪᠢᠳᠠᠬᠤ ᠶᠢ ᠣᠳᠤ ᠳᠤ ᠭᠡᠰᠡᠨ᠂ ᠳ᠋ᠸᠪᠠᠵᠠᠨ ᠡᠴᠠ ᠴᠤ ᠭᠡᠰᠡᠨ ᠵᠠᠯᠪᠠᠷᠢᠨ ᠳᠠᠭᠠᠳᠬᠠᠵᠤ᠂ ᠦᠨᠡᠠᠴᠢ ᠬᠠᠢ᠌ᠷ᠎ᠠ ᠶᠢᠨ ᠰᠡᠳᠭᠢᠯ ᠮᠢᠨᠢ ᠴᠢᠮ᠎ᠠ ᠣᠷᠤᠭᠤ ᠳᠡᠮᠦᠯᠡᠭ᠍ᠰᠡᠭᠡᠷ ᠁ 


ᠵᠤᠬᠢᠶᠠᠭᠴᠢ ᠶᠢᠨ ᠬᠠᠶ‍ᠢᠭ᠄ ᠰᠢᠠᠵᠢᠶᠠᠩ ᠤᠨ ᠷᠠᠳᠢᠤ᠋ ᠬᠤᠷᠢᠶ᠎ᠠ

ᠵᠤᠬᠢᠶᠠᠭᠴᠢ᠄ ᠤᠶᠤᠨᠪᠢᠯᠢᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6189
ᠴᠠᠭ᠄ 2010 ᠤᠨ ᠤ 08 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ