☆ ᠰᠠᠷᠠᠭᠤᠯ
ᠰᠢᠭᠢᠷ
ᠰᠢᠭᠢᠷ ᠊᠊᠊᠊᠊᠊᠊᠊᠊᠊᠊᠊᠊᠊᠊
ᠪᠠᠯ ᠪᠣᠷᠠᠮ ᠵᠠᠵᠢᠯᠤᠭᠰᠠᠨ ᠪᠠᠭ᠎ᠠ ᠶᠢᠨ ᠨᠠᠰᠤ ᠰᠢᠭᠢᠷ ᠪᠠᠢ᠌ᠯ᠎ᠠ
ᠪᠠᠳᠠᠭ ᠰᠢᠯᠦᠭ᠌ ᠣᠶᠠᠩᠭ᠋ᠠᠷᠠᠭᠰᠠᠨ ᠰᠤᠷᠭᠠᠭᠤᠯᠢ ᠶᠢᠨ ᠭᠦᠷᠢᠶ᠎ᠡ ᠰᠢᠭᠢᠷ ᠪᠠᠢ᠌ᠯ᠎ᠠ
ᠣᠰᠤᠨ ᠳ᠋ᠠᠭᠢ ᠰᠠᠷ᠎ᠠ ᠶᠢ ᠱᠥᠭᠦᠭᠦ ᠭᠡᠰᠡᠨ ᠢᠨᠢᠶᠠᠳᠤᠮ ᠮᠠᠨᠢ ᠰᠢᠭᠢᠷ ᠪᠠᠢ᠌ᠯ᠎ᠠ
ᠣᠯᠠᠨ ᠡᠴᠠ ᠡᠮᠤᠨ᠎ᠡ ᠳᠡᠷᠢᠭᠦᠯᠡᠭ᠍ᠰᠡᠨ ᠪᠣᠷᠭᠠᠰᠤᠨ ᠮᠤᠷᠢ ᠴᠤ ᠰᠢᠭᠢᠷ ᠪᠠᠢ᠌ᠯ᠎ᠠ
ᠡᠵᠢ ᠶᠢᠨ ᠵᠠᠭᠢᠭᠰᠠᠨ ᠢ ᠣᠮᠠᠷᠳᠠᠨ
ᠡᠮᠤᠨ᠎ᠡ ᠳᠠᠪᠠᠭ᠎ᠠ ᠪᠠᠷ ᠠᠯᠠᠭᠳᠠᠭ᠎ᠠ ᠭᠦᠭᠡᠭᠡᠭ᠍ᠰᠡᠨ ᠮᠠᠨᠢ ᠰᠢᠭᠢᠷ ᠪᠠᠢ᠌ᠯ᠎ᠠ
ᠡᠮᠡᠭᠡ ᠶᠢᠨ ᠬᠤᠷᠤᠳ ᠲᠤ ᠳᠤᠷᠠᠯᠠᠨ
ᠡᠳᠦᠷ ᠤᠨ ᠭᠢᠴᠢᠶᠠᠯ ᠡᠴᠠ ᠬᠤᠴᠤᠷᠤᠭᠰᠠᠨ ᠮᠠᠨᠢ ᠴᠤ ᠰᠢᠭᠢᠷ ᠪᠠᠢ᠌ᠯ᠎ᠠ
ᠰᠢᠭᠢᠷ ᠊᠊᠊᠊᠊᠊᠊᠊᠊᠊᠊᠊᠊᠊᠊
ᠡᠭᠡᠰᠢᠭ᠌ ᠳᠤᠯᠤᠭ᠎ᠠ ᠶᠢᠨ ᠠᠶ᠎ᠠ ᠨᠤᠲ᠋ ᠮᠠᠨᠢ ᠰᠢᠭᠢᠷ ᠪᠠᠢ᠌ᠯ᠎ᠠ
ᠡᠷᠡᠮᠪᠡ ᠰᠤᠶᠤᠯ ᠤᠨ ᠢᠵᠠᠭᠤᠷ ᠣᠷᠠᠯᠢᠭ ᠮᠠᠨᠢ ᠰᠢᠭᠢᠷ ᠪᠠᠢ᠌ᠯ᠎ᠠ
ᠡᠷᠳᠡᠮ ᠳᠤ ᠮᠡᠷᠡᠢ᠌ᠭᠦ ᠭᠦᠤ ᠶᠢᠨ ᠭᠦᠰᠡᠯ ᠰᠢᠭᠢᠷ ᠪᠠᠢ᠌ᠯ᠎ᠠ
ᠡᠷᠡᠨ ᠴᠠᠭ ᠤᠨ ᠭᠡᠦᠭᠡᠨ ᠤ ᠵᠤᠷᠢᠭ ᠰᠢᠭᠢᠷ ᠪᠠᠢ᠌ᠯ᠎ᠠ
ᠥᠩᠭᠡᠳᠡᠨ ᠢ ᠪᠠᠰᠢᠷᠳᠠᠬᠤ ᠦᠭᠡᠶ ᠡᠭᠡ ᠣᠷᠤᠠᠴᠢ ᠮᠠᠨᠢ ᠰᠢᠭᠢᠷ ᠪᠠᠢ᠌ᠯ᠎ᠠ
ᠡᠷᠭᠡᠳᠡᠨ ᠳᠤ ᠰᠥᠭᠦᠷᠡᠭᠦ ᠦᠭᠡᠶ ᠮᠤᠩᠭ᠋ᠤᠯ ᠠᠮᠢᠰᠬᠤᠭ᠎ᠠ ᠮᠠᠨᠢ ᠰᠢᠭᠢᠷ ᠪᠠᠢ᠌ᠯ᠎ᠠ
ᠭᠦᠮᠤᠨ ᠪᠠᠢ᠌ᠭᠠᠯᠢ ᠶᠢᠨ ᠡᠩᠭᠡ ᠳᠠᠢ᠌ᠪᠣᠩ ᠮᠠᠨᠢ ᠰᠢᠭᠢᠷ ᠪᠠᠢ᠌ᠯ᠎ᠠ
ᠭᠦᠭ᠍ᠵᠢᠯᠳᠤ ᠢᠷᠡᠭᠡᠳᠦᠢ ᠶᠢᠨ ᠰᠢᠨ᠎ᠡ ᠠᠮᠢᠳᠤᠷᠠᠯ ᠮᠠᠨᠢ ᠰᠢᠭᠢᠷ ᠪᠠᠢ᠌ᠯ᠎ᠠ
ᠰᠢᠭᠢᠷ ᠊᠊᠊᠊᠊᠊᠊᠊᠊᠊᠊᠊᠊᠊᠊
ᠬᠤᠷ᠎ᠠ ᠳᠠᠭᠠᠭᠤᠯᠤᠭᠰᠠᠨ ᠬᠤᠨ ᠤ ᠳᠠᠭᠤ ᠰᠢᠭᠢᠷ ᠪᠠᠢ᠌ᠯ᠎ᠠ
ᠬᠤᠭᠤᠷ ᠭᠦᠩᠭᠢᠨᠡᠭ᠍ᠰᠡᠨ ᠬᠤᠷᠴᠢᠨ ᠨᠤᠳᠤᠭ ᠮᠠᠨᠢ ᠰᠢᠭᠢᠷ ᠪᠠᠢ᠌ᠯ᠎ᠠ
ᠬᠤᠷᠳᠤᠨ ᠮᠤᠷᠢᠳ ᠶᠢᠡᠨ ᠥᠭᠡᠢ᠌ᠯᠡᠭ᠍ᠰᠡᠨ ᠨᠤᠳᠤᠭ ᠤᠨ ᠰᠠᠭᠢᠭᠤᠰᠤ ᠮᠠᠨᠢ ᠰᠢᠭᠢᠷ ᠪᠠᠢ᠌ᠯ᠎ᠠ
ᠣᠩᠭ᠋ᠤᠨ ᠰᠦᠯᠳᠡ ᠪᠠᠨ ᠡᠷᠭᠦᠭ᠍ᠰᠡᠨ ᠣᠪᠣᠭᠠᠨ ᠴᠢᠯᠠᠭᠤ ᠮᠠᠨᠢ ᠰᠢᠭᠢᠷ ᠪᠠᠢ᠌ᠯ᠎ᠠ
ᠣᠴᠢ ᠪᠠᠨ ᠡᠷᠭᠦᠨ ᠳᠦᠷᠡᠯᠵᠡᠭ᠍ᠰᠡᠨ ᠳᠤᠯᠭ᠎ᠠ ᠶᠢᠨ ᠭᠠᠯ ᠮᠠᠨᠢ ᠰᠢᠭᠢᠷ ᠪᠠᠢ᠌ᠯ᠎ᠠ
ᠭᠦᠮᠤᠨ ᠵᠠᠶᠠᠭ᠎ᠠ ᠳᠡᠭᠡᠵᠢᠯᠡᠭ᠍ᠰᠡᠨ ᠭᠦᠳᠡᠭᠡ ᠰᠤᠶᠤᠯ ᠮᠠᠨᠢ ᠰᠢᠭᠢᠷ ᠪᠠᠢ᠌ᠯ᠎ᠠ
ᠢᠳᠠᠷ ᠪᠣᠯᠪᠠᠰᠤᠨ ᠰᠢᠳᠦᠭ᠍ᠰᠡᠨ ᠡᠵᠡᠨ ᠣᠮᠤᠭ ᠮᠠᠨᠢ ᠰᠢᠭᠢᠷ ᠪᠠᠢ᠌ᠯ᠎ᠠ
ᠡᠨᠡ ᠪᠠᠶ᠎ᠠ ᠶᠢ ᠣᠬᠠᠵᠢᠭᠤᠯᠤᠭᠰᠠᠨ ᠡᠭᠡ ᠣᠷᠤᠨ ᠮᠠᠨᠢ ᠰᠢᠭᠢᠷ ᠪᠠᠢ᠌ᠯ᠎ᠠ
ᠵᠤᠬᠢᠶᠠᠭᠴᠢ ᠶᠢᠨ ᠬᠠᠶᠢᠭ ᠄ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤ
ᠵᠤᠬᠢᠶᠠᠭᠴᠢ᠄ ᠰᠠᠷᠠᠭᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 11035
ᠴᠠᠭ᠄ 2013 ᠤᠨ ᠤ 09 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ