☆ ᠶᠠᠩᠵᠢᠠᠼᠤᠤ
ᠮᠤᠩᠭ᠋ᠤᠯ ᠤᠨ ᠰᠢᠳᠦᠭᠡᠨ ᠊᠊᠊᠊᠊᠊᠊᠊᠊᠊᠊᠊᠊᠊᠊ ᠴᠢᠩᠭᠢᠰ
ᠮᠤᠩᠭ᠋ᠤᠯ ᠭᠡᠵᠤ —
ᠮᠥᠩᠭᠡ ᠳᠡᠭ᠍ᠷᠢ ᠶᠢᠨ ᠯᠤᠤ ᠰᠢᠭ ᠡᠵᠡᠳ ᠲᠡᠶ ᠪᠠᠢ᠌ᠯ᠎ᠠ
ᠮᠤᠩᠭ᠋ᠤᠯ ᠭᠡᠵᠤ —
ᠮᠥᠩᠭᠡᠷᠡᠭᠦ ᠬᠤᠷᠸ᠎ᠠ ᠳᠤ ᠥᠯᠢᠭᠡᠷ ᠳᠡᠦᠭᠡ ᠶᠡᠭᠡᠳᠡᠢ ᠪᠠᠢ᠌ᠯ᠎ᠠ
ᠮᠤᠩᠭ᠋ᠤᠯ ᠤᠨ ᠡᠵᠡᠨ᠂ ᠮᠤᠩᠭ᠋ᠤᠯ ᠤᠨ ᠰᠢᠳᠦᠭᠡᠨ
ᠮᠥᠩᠭᠡᠷᠡᠭᠦ ᠵᠠᠭᠤᠨ ᠤ ᠬᠠᠶᠢᠭ᠂ ᠪᠣᠭᠳᠠ ᠴᠢᠩᠭᠢᠰ᠃
ᠭᠦᠷᠦᠰᠦᠳᠤ ᠳᠡᠯᠡᠭᠡᠢ ᠳᠤ ᠬᠠᠰᠭᠢᠷᠴᠤ ᠪᠣᠰᠤᠭᠰᠠᠨ
ᠠᠷᠪᠠᠨ ᠭᠤᠷᠪᠠᠳᠤᠭᠠᠷ ᠵᠠᠭᠤᠨ
ᠭᠦᠭᠡ ᠳᠤᠭ ᠶᠢᠡᠨ ᠨᠠᠮᠢᠷᠠᠭᠤᠯᠤᠨ
ᠬᠤᠷᠸ᠎ᠠ ᠶᠢᠨ ᠦᠷᠦᠴᠠᠨ ᠳᠤ 《ᠮᠤᠩᠭ᠋ᠤᠯ》 ᠭᠡᠮᠡᠨ ᠰᠡᠢ᠌ᠯᠦᠭ᠍ᠰᠡᠨ
ᠠᠤᠭ᠎ᠠ ᠪᠣᠭᠳᠠ ᠴᠢᠩᠭᠢᠰ ᠬᠠᠭᠠᠨ ᠪᠣᠯ
ᠦᠨᠢ ᠮᠥᠩᠭᠡ ᠶᠢᠨ ᠮᠤᠩᠭ᠋ᠤᠯ ᠰᠢᠳᠦᠭᠡᠨ ᠪᠢᠯᠠ︕
ᠪᠠᠷᠠᠭᠤᠨ ᠭᠠᠷ ᠳᠠᠭᠠᠨ ᠨᠦᠵᠢ ᠠᠤᠠᠬᠤᠵᠤ ᠳᠦᠷᠦᠭ᠍ᠰᠡᠨ
ᠪᠠᠭᠠᠳᠤᠷᠯᠢᠭ ᠮᠤᠩᠭ᠋ᠤᠯ ᠤᠨ ᠳᠡᠭ᠍ᠷᠢᠯᠢᠭ᠌ ᠭᠦᠤ
ᠨᠠᠰᠤᠨ ᠳᠤᠷᠰᠢ ᠰᠠᠯᠠᠮ᠎ᠠ ᠠᠤᠠᠬᠤᠵᠤ
ᠨᠠᠷᠮᠠᠢ ᠮᠤᠩᠭ᠋ᠤᠯ ᠲᠦᠷᠦ ᠪᠠᠨ ᠮᠠᠠᠳᠤᠭᠤᠯᠤᠭᠰᠠᠨ
ᠨᠠᠷᠠᠳᠤ ᠬᠤᠷᠸ᠎ᠠ ᠶᠢᠨ ᠮᠤᠩᠭ᠋ᠤᠯ ᠭᠦᠤ
《ᠠᠭᠳᠠ ᠶᠢᠨ ᠨᠢᠷᠤᠭᠤ ᠪᠠᠷ ᠥᠯᠦᠭᠡᠢ ᠪᠠᠨ ᠪᠣᠯᠭᠠᠨ
ᠠᠳᠠᠷ ᠳᠠᠯ᠎ᠠ ᠪᠠᠷ ᠳᠡᠪᠢᠰᠭᠡᠷ ᠶᠢᠡᠨ》 ᠭᠡᠵᠤ
ᠮᠤᠩᠭ᠋ᠤᠯ ᠶᠡᠭᠡ ᠲᠦᠷᠦ ᠪᠠᠨ ᠪᠠᠢ᠌ᠭᠤᠯᠤᠭᠰᠠᠨ
ᠮᠥᠩᠭᠡ ᠳᠤᠷᠠᠰᠤᠭᠳᠠᠬᠤ ᠮᠤᠩᠭ᠋ᠤᠯ ᠤᠨ ᠰᠢᠳᠦᠭᠡᠨ
ᠴᠢᠩᠭᠢᠰ ᠁᠁
ᠪᠣᠳᠤᠯᠭ᠎ᠠ ᠨᠠᠷᠢᠨ ᠣᠬᠠᠭᠠᠨ ᠶᠢᠡᠷ ᠶᠢᠡᠨ
ᠪᠦᠮᠪᠦᠷᠴᠡᠭ᠌ ᠤᠨ ᠬᠠᠭᠠᠰ ᠢ ᠡᠵᠡᠯᠡᠭ᠍ᠰᠡᠨ
ᠪᠦᠭᠦ ᠮᠤᠩᠭ᠋ᠤᠯ ᠤᠨ ᠶᠢᠡᠨ ᠬᠠᠭᠠᠨ ᠪᠢᠯᠠ
ᠴᠢᠩᠭᠢᠰ ᠁᠁
ᠬᠠᠷ᠎ᠠ ᠰᠦᠯᠳᠡ ᠪᠠᠨ ᠳᠡᠭ᠍ᠷᠢ ᠲᠤ ᠬᠠᠠᠳᠤᠭᠤᠯᠤᠭᠰᠠᠨ
ᠬᠠᠮᠤᠭ ᠮᠤᠩᠭ᠋ᠤᠯ ᠤᠨ ᠶᠢᠡᠨ ᠰᠢᠳᠦᠭᠡᠨ ᠪᠢᠯᠠ᠃
ᠵᠤᠬᠢᠶᠠᠭᠴᠢ᠄ ᠶᠠᠩᠵᠢᠠᠼᠤᠤ
ᠢᠷᠡᠯᠲᠡ᠄ ᠨᠡᠷᠡᠡᠴᠡᠴᠡᠭ᠌
ᠬᠠᠷᠢᠶ᠎ᠠ᠄
ᠰᠢᠯᠦᠭᠳᠠᠷᠤᠮ᠄ 3269
ᠴᠠᠭ᠄ 2006 ᠤᠨ ᠤ 09 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ