☆ ᠭᠤ᠋·ᠪᠠᠳᠤᠬᠤᠶᠠᠭ
ᠠᠯᠠᠭ ᠵᠠᠶᠠᠭ᠎ᠠ
ᠠᠮᠢᠳᠤᠷᠠᠯ ᠳᠠᠪᠳᠠᠭᠤᠯᠬᠤ ᠶᠤᠮ ᠭᠡᠵᠤ
ᠠᠪᠣ ᠶᠢᠨ ᠶᠢᠡᠨ ᠭᠦᠯᠦᠰᠦᠳᠡᠢ ᠠᠯᠠᠭᠠᠨ ᠳᠡᠭᠡᠷ᠎ᠡ
ᠠᠯᠤᠬ᠎ᠠ ᠪᠦᠳᠦᠪᠡ ᠪᠢ
ᠠᠵᠢᠯ ᠪᠦᠳᠦᠭᠡᠭᠦ ᠶᠤᠮ ᠭᠡᠵᠤ
ᠠᠪᠣ ᠨᠠᠳᠠ ᠪᠠᠷ ᠵᠠᠩᠴᠢᠪᠠ
ᠠᠳᠠ ᠱᠥᠭᠯᠦᠪᠡ
ᠳᠠᠷᠢᠭᠢ ᠶᠢ ᠮᠢᠨᠢ ᠵᠠᠳᠠ ᠦᠰᠦᠷᠳᠠᠯ᠎ᠠ
ᠳᠠᠭᠢᠯ ᠤᠨ ᠰᠢᠷᠡᠭᠡ ᠪᠠᠨ ᠪᠠᠯᠪᠠᠪᠠ
ᠪᠣᠷᠬᠠᠤᠨ ᠳᠤᠳᠠᠭᠠᠪᠠ
ᠠᠷᠭᠢ ᠬᠤᠩᠭ᠋ᠤᠷ ᠠᠳᠤᠭᠤ
ᠠᠷᠪᠠᠨ ᠵᠥᠭ᠌ ᠲᠤ ᠪᠠᠨ ᠦᠷᠭᠦᠪᠡ
ᠪᠣᠭ ᠪᠣᠰᠪᠠ
ᠪᠣᠯᠢᠭᠠᠷᠢ ᠡᠯᠳᠡᠳᠡᠭ᠌ ᠭᠠᠷ ᠵᠢᠠᠷ
ᠪᠣᠯᠤᠳ ᠨᠤᠬᠤᠳᠠᠭ ᠪᠣᠯᠪᠠ ᠡ
ᠪᠣᠯᠠᠭ ᠰᠢᠷᠭᠢᠪᠠ
ᠬᠤᠪᠣᠭᠤ ᠳᠠᠳᠠᠳᠠᠭ ᠠᠯᠠᠭᠠᠨ ᠳ᠋ᠤ
ᠬᠤᠪᠢ ᠵᠠᠶᠠᠭ᠎ᠠ ᠭᠦᠩᠭᠡᠳᠡᠪᠡ ᠡ
ᠬᠤᠷᠸ᠎ᠠ ᠰᠤᠬᠤᠷᠪᠠ
ᠬᠠᠭᠤᠴᠢᠨ ᠶᠠᠭᠤᠮ᠎ᠠ ᠣᠯᠠ ᠪᠣᠯᠤᠭᠰᠠᠨ ᠨᠢ ᠥᠭᠡᠢ
ᠰᠢᠨ᠎ᠡ ᠶᠠᠭᠤᠮ᠎ᠠ ᠵᠤᠯᠠ ᠪᠣᠯᠤᠭ᠎ᠠ ᠴᠤ ᠥᠭᠡᠢ
ᠬᠠᠭᠤᠴᠢᠨ ᠴᠤ ᠦᠭᠡᠶ ᠰᠢᠨ᠎ᠡ ᠴᠤ ᠦᠭᠡᠶ ᠶᠢᠨ ᠳᠤᠮᠳᠠ ᠪᠢ ᠵᠠᠯᠢᠷᠠᠪᠠ ᠡ
ᠠᠢ ᠪᠣᠷᠬᠠᠨ ᠭᠤᠩᠴᠤᠭᠰᠦᠮᠡ ᠮᠢᠨᠢ ︕
ᠵᠤᠬᠢᠶᠠᠭᠴᠢ ᠶᠢᠨ ᠬᠠᠶᠢᠭ ᠄ ᠪᠠᠷᠠᠭᠤᠨ ᠦᠵᠦᠮᠤᠴᠢᠨ
ᠵᠤᠬᠢᠶᠠᠭᠴᠢ᠄ ᠭᠤ᠋·ᠪᠠᠳᠤᠬᠤᠶᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2012 ᠤᠨ ᠤ 02 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ