ᠨᠡᠪᠲᠡᠷᠡᠨ ᠤᠷᠤᠬᠤ
ᠨᠢᠯᠪᠣᠰᠤᠨ ᠳᠠᠭᠠᠨ ᠬᠠᠳᠠᠭᠰᠠᠨ ᠴᠠᠭᠠᠨ ᠨᠠᠭᠤᠷ

ᠭᠦᠪᠠᠭᠡᠨ ᠳᠡᠭᠡᠷᠡᠭᠢ ᠰᠢᠷᠢᠭᠢ ᠪᠠᠨ ᠵᠥᠰᠦᠭᠦᠯᠵᠤ

ᠴᠠᠭᠠᠨ ᠨᠠᠭᠤᠷ ᠭᠤᠤᠯ ᠡᠴᠡ ᠪᠠᠨ ᠬᠠᠳᠠᠪᠠ︕

ᠭᠦᠭ᠍ᠰᠢᠳ ᠳᠡᠭᠡᠳᠦᠰ ᠤᠨ ᠭᠦᠯᠦᠰᠤ ᠰᠢᠩᠭᠡᠭ᠍ᠰᠡᠨ

ᠭᠦᠷᠦᠰᠤᠨ ᠤ ᠠᠷᠢᠭᠤᠨ ᠰᠢᠷᠤᠢ ᠪᠠᠨ ᠭᠡᠷᠴᠢᠭᠦᠯᠵᠤ

ᠴᠠᠭᠠᠨ ᠨᠠᠭᠤᠷ ᠴᠠᠭᠠᠨ᠎ᠠ ᠡᠴᠡ ᠪᠠᠨ ᠰᠢᠷᠭᠡᠪᠡ︕

ᠵᠤᠯᠠᠢ ᠶᠢ ᠨᠢ ᠦᠨᠦᠰᠤᠨ ᠪᠠᠯᠴᠢᠳᠡᠭ᠌

ᠵᠠᠭᠤᠨ ᠲᠦᠮᠡᠨ ᠰᠥᠷᠦᠭ᠌ ᠶᠢᠡᠨ ᠥᠭᠡᠢ᠌ᠯᠡᠵᠤ

ᠴᠠᠭᠠᠨ ᠨᠠᠭᠤᠷ ᠬᠤᠭᠤᠯᠠᠢ ᠳᠠᠭᠠᠨ ᠵᠠᠩᠭᠢᠷᠠᠨ᠎ᠠ︕

ᠵᠢᠷᠦᠭᠡ ᠨᠢ ᠪᠣᠯᠤᠭᠰᠠᠨ ᠳᠠᠪᠤᠨ ᠳᠤᠯᠤᠭᠠᠢ ᠪᠠᠨ ᠬᠠᠷᠠᠵᠤ

ᠴᠠᠭᠠᠨ ᠨᠠᠭᠤᠷ ᠵᠡᠭᠦᠳᠤᠨ ᠳᠡᠭᠡᠨ ᠶᠤᠤᠯᠠᠨ᠎ᠠ ︕

ᠦᠨᠦᠴᠢᠨ ᠳᠤᠭᠤᠰᠤ ᠳᠡᠭ᠍ᠳᠡᠭᠡᠵᠤ ᠥᠵᠡᠭᠡ ᠦᠭᠡᠶ

ᠢᠳᠡᠭᠡᠨ ᠰᠢᠷᠭᠠᠯ ᠳᠠᠷᠠᠰᠤ ᠪᠠᠨ ᠰᠠᠨᠠᠵᠤ

ᠴᠠᠭᠠᠨ ᠨᠠᠭᠤᠷ ᠨᠢᠯᠪᠣᠰᠤᠨ ᠳᠠᠭᠠᠨ ᠬᠠᠳᠠᠨ᠎ᠠ ︕

ᠥᠮᠡᠭᠡᠢ ᠣᠳᠤᠭᠠᠨ ᠳᠤ ᠊ᠭ᠍‍ᠬᠢᠷᠳᠦᠭᠡ ᠦᠭᠡᠶ

ᠣᠰᠤᠨ ᠭᠦᠭᠡ ᠳᠡᠭ᠍ᠷᠢ ᠪᠠᠨ ᠮᠥᠷᠦᠭᠡᠳᠴᠤ

ᠴᠠᠭᠠᠨ ᠨᠠᠭᠤᠷ ᠨᠢᠭᠦᠯ ᠳᠡᠭᠡᠨ ᠬᠠᠬᠠᠨ᠎ᠠ︕

ᠬᠠᠵᠠᠭᠤ ᠪᠠᠷ ᠨᠢ ᠣᠷᠤᠰᠳᠠᠭ ᠬᠠᠷ᠎ᠠ ᠭᠤᠤᠯ

ᠬᠠᠳᠠᠭᠰᠠᠨ ᠨᠠᠭᠤᠷ ᠶᠢᠡᠨ ᠣᠮᠳᠠᠯᠠᠬᠤ ᠭᠡᠵᠤ

ᠡᠷᠭᠢ ᠪᠠᠨ ᠳᠠᠪᠠᠨ ᠴᠠᠯᠭᠢᠯᠠᠪᠠ︕

ᠬᠠᠶᠠᠭᠠᠨ ᠳᠤ ᠨᠢ ᠳᠤᠨᠤᠷᠠᠳᠠᠭ ᠣᠯᠠᠭᠠᠨ ᠪᠣᠯᠠᠭ

ᠬᠠᠢ᠌ᠷᠠᠨ ᠵᠠᠶᠠᠭᠠᠨ ᠳᠤ ᠨᠢ ᠰᠥᠭᠦᠳᠴᠤ

ᠡᠭᠢᠨ ᠡᠴᠡ ᠪᠠᠨ ᠪᠣᠯᠠᠩᠭᠢᠷᠳᠤᠪᠠ︕

ᠴᠡᠴᠡᠭ᠌ ᠶᠢᠡᠷ ᠰᠢᠭᠤᠷᠳᠠᠭ ᠴᠡᠴᠡᠭ᠍ᠳᠤ ᠳᠠᠪᠠ

ᠰᠢᠷᠭᠢᠭ᠍ᠰᠡᠨ ᠨᠠᠭᠤᠷ ᠤᠨ ᠬᠣᠢ᠌ᠨ᠎ᠠ ᠡᠴᠡ ᠬᠠᠷᠠᠮᠰᠠᠵᠤ

ᠴᠡᠴᠡᠭ᠌ ᠨᠢ ᠭᠦᠷᠳᠡᠯ᠎ᠡ ᠳᠤᠳᠠᠭᠤ ᠳᠡᠯᠭᠡᠷᠡᠨ᠎ᠡ︕

ᠵᠤᠨ ᠳᠠᠭᠠᠨ ᠨᠤᠭᠤᠭᠠᠷᠠᠳᠠᠭ ᠵᠠᠭᠤᠨ ᠬᠠᠷᠭᠠᠢ᠌ᠳᠤ

ᠵᠠᠭᠤᠷᠮᠠᠭ ᠨᠠᠰᠤᠳᠤ ᠨᠠᠭᠤᠷ ᠤᠨ ᠳᠦᠯᠦᠭᠡ ᠭᠠᠰᠠᠯᠵᠤ

ᠬᠠᠷᠭᠠᠢ ᠨᠢ ᠪᠣᠯᠪᠠᠴᠤ ᠣᠷᠣᠢ᠌ᠳᠠᠵᠤ ᠨᠠᠪᠴᠢᠯᠠᠨ᠎ᠠ︕

ᠭᠡᠴᠡᠭᠦᠤ ᠶᠢᠨ ᠡᠮᠨᠢᠭ᠌ ᠤᠷᠭᠢᠯ ᠤᠳ

ᠭᠡᠮᠰᠢᠯ ᠤᠨ ᠮᠠᠨᠠᠨ ᠳᠤ ᠳᠦᠭᠡᠷᠡᠵᠤ

ᠭᠡᠭᠡᠷ᠎ᠡ ᠶᠢᠨ ᠰᠠᠯᠭᠢᠨ ᠳᠤ ᠡᠯᠡᠭ᠍ᠳᠡᠪᠡ︕

ᠭᠦᠭᠡ ᠰᠠᠢ ᠶᠢᠨ ᠴᠢᠯᠠᠭᠤᠳ

ᠭᠦᠮᠦᠰ ᠤᠨ ᠥᠢᠮᠡᠭᠡᠨ ᠳᠤ ᠠᠪᠳᠠᠵᠤ

ᠭᠦᠩᠭᠡᠨ ᠭᠤᠨᠢᠭ ᠲᠤ ᠢᠳᠡᠭ᠍ᠳᠡᠪᠡ︕

ᠴᠠᠭ ᠲᠠᠭᠠᠨ ᠪᠣᠷᠤᠭᠠᠯᠠᠳᠠᠭ ᠴᠠᠭᠠᠨ ᠠᠮᠠᠨ

ᠪᠣᠷᠤᠭᠠᠨ ᠦᠭᠡᠶ ᠭᠠᠩᠳᠠᠨ᠎ᠠ︕

ᠣᠷᠭᠤᠴᠠ ᠪᠠᠶᠠᠨ ᠣᠰᠤᠨ ᠡᠭᠢᠨ

ᠣᠷᠭᠤᠮᠠᠯ ᠦᠭᠡᠶ ᠬᠠᠯᠴᠠᠭᠠᠢ᠌ᠷᠠᠨ᠎ᠠ︕

ᠬᠠᠷᠢ ᠳᠤ ᠠᠯᠳᠠᠭᠰᠠᠨ ᠵᠢᠷᠦᠭᠡᠨ ᠠᠭᠤᠯᠠ

ᠵᠡᠮᠳᠡᠭ᠌ ᠪᠣᠯᠤᠭᠰᠠᠨ ᠨᠠᠭᠤᠷ ᠶᠢᠡᠨ ᠬᠠᠷᠠᠵᠤ

ᠰᠢᠷᠬᠠᠨ ᠳᠤ ᠨᠢ ᠰᠢᠨᠠᠯᠪᠠ︕

ᠬᠠᠷᠠᠵᠤ ᠰᠠᠭᠤᠭᠰᠠᠨ ᠡᠮᠡᠭᠡᠨ ᠬᠠᠳᠠ

ᠵᠤᠯᠭᠠᠷᠠᠵᠤ ᠣᠨᠠᠯᠠᠭᠰᠠᠨ ᠴᠡᠴᠡᠭ᠌ ᠶᠢᠡᠨ ᠢᠯᠪᠢᠵᠤ

ᠡᠯᠢᠭᠡᠨ ᠡᠴᠡ ᠪᠠᠨ ᠡᠮᠳᠡᠷᠡᠪᠡ︕

ᠨᠤᠳᠤᠭ ᠶᠢᠡᠨ ᠰᠠᠭᠢᠭᠰᠠᠨ ᠪᠣᠭᠤᠷᠤᠯᠴᠤᠳ ᠤᠨ

ᠬᠤᠭᠤᠯᠠᠢ ᠳᠠᠪᠠᠬᠤ ᠦᠭᠡᠶ ᠳᠡᠭᠡᠭᠯᠡᠭᠦ

ᠭᠠᠭᠴᠠ ᠪᠠᠯᠭᠤᠮ ᠭᠠᠰᠢᠭᠤᠨ ᠣᠰᠤ ᠴᠠᠭᠠᠨ ᠨᠠᠭᠤᠷ ᠡ︕

ᠨᠠᠭᠤᠷ ᠶᠢᠡᠨ ᠡᠷᠭᠡᠭᠡᠳ ᠵᠤᠰᠠᠳᠠᠭ ᠮᠠᠯᠴᠢᠳ ᠤᠨ

ᠨᠢᠳᠤᠨ ᠳᠤᠳᠤᠷ᠎ᠠ ᠳᠤᠨᠤᠬᠤ

ᠨᠢᠭᠡ ᠳᠤᠰᠤᠯ ᠬᠠᠢ᠌ᠷ᠎ᠠ ᠶᠢᠨ ᠨᠢᠯᠪᠣᠰᠤ ᠴᠤ ᠴᠠᠭᠠᠨ ᠨᠠᠭᠤᠷ ᠡ︕

ᠴᠡᠴᠡᠭ᠌ ᠳᠡᠭᠡᠭᠦᠷ ᠨᠢ ᠭᠦᠯ ᠨᠢᠴᠦᠭᠦᠨ ᠵᠢᠷᠡᠢ᠌ᠭ᠍ᠰᠡᠨ

ᠭᠦᠭᠡᠷᠦᠭᠦᠨ ᠴ᠍ᠦᠪᠤᠭᠤ ᠵᠠᠯᠠᠭᠤᠴᠤᠳ ᠤᠨ

ᠰᠡᠳᠭᠢᠯ ᠡᠴᠡ ᠠᠷᠴᠢᠭᠳᠠᠭᠰᠠᠨ ᠰᠡᠷᠢᠭᠦᠨ ᠵᠤᠰᠠᠯᠠᠩ ᠴᠠᠭᠠᠨ ᠨᠠᠭᠤᠷ ᠡ︕

ᠴᠡᠩᠭᠡᠷ ᠣᠰᠤᠨ ᠳᠤ ᠨᠢ ᠵᠢᠰᠤ ᠪᠠᠨ ᠳᠤᠯᠢᠳᠠᠳᠠᠭ

ᠭᠦᠳᠡᠭᠡ ᠶᠢᠨ ᠪᠣᠷᠤᠭᠵᠢᠭᠤᠨ ᠪᠦᠰᠡᠭᠦᠢᠴᠦᠳ ᠊ᠤᠨ

ᠪᠣᠳᠤᠯ ᠳᠤ ᠴᠠᠯᠭᠢᠭᠰᠠᠨ ᠪᠣᠷᠤ ᠭᠤᠨᠢᠭ ᠴᠤ ᠴᠠᠭᠠᠨ ᠨᠠᠭᠤᠷ ᠡ︕

ᠬᠠᠷᠢ ᠳᠤ ᠦᠭ‍ᠭᠦᠭ᠍ᠰᠡᠨ ᠬᠠᠢ᠌ᠷᠠᠳᠤ ᠭᠡᠦᠭᠡᠨ ᠴᠠᠭᠠᠨ ᠨᠠᠭᠤᠷ ᠡ︕

ᠬᠠᠭᠠᠴᠠᠭᠠᠤᠨ ᠮᠠᠷᠳᠠᠰᠢ ᠦᠭᠡᠶ ᠬᠠᠢ᠌ᠷᠠᠨ ᠪᠠᠯᠴᠢᠭᠡᠷ ᠴᠤ ᠴᠠᠭᠠᠨ ᠨᠠᠭᠤᠷ ᠡ︕

ᠬᠠᠯᠠᠭᠤᠨ ᠵᠢᠷᠦᠭᠡᠨ ᠳᠤ ᠡᠭᠦᠷᠢᠳᠡ ᠡᠷᠢᠭ᠍ᠳᠡᠭᠦ

ᠮᠤᠩᠭ᠋ᠤᠯ ᠭᠠᠵᠠᠷ ᠤᠨ ᠮᠥᠭᠦᠯᠢᠭ᠌ ᠰᠢᠷᠤᠢ ᠴᠠᠭᠠᠨ ᠨᠠᠭᠤᠷ ᠡ︕

ᠬᠠᠷᠠᠴᠠᠨ ᠡᠴᠡ ᠮᠢᠨᠢ ᠬᠤᠯᠠᠳᠠᠵᠤ ᠴᠢᠳᠠᠬᠤ ᠦᠭᠡᠶ

ᠬᠠᠵᠠᠭᠤ ᠳᠤ ᠥᠵᠡᠭ᠍ᠳᠡᠭᠡᠳ ᠵᠤᠪᠠᠭᠠᠬᠤ

ᠮᠤᠬᠤᠷ ᠭᠢᠳᠤᠭ᠎ᠠ ᠶᠢᠨ ᠢᠯᠠ ᠰᠢᠷᠬ᠎ᠠ ᠴᠤ ᠴᠠᠭᠠᠨ ᠨᠠᠭᠤᠷ ᠡ︕

ᠴᠠᠭᠠᠨ ᠨᠠᠭᠤᠷ ᠮᠢᠨᠢ

ᠴᠠᠪᠴᠢᠯᠠᠬᠤ ᠨᠢᠳᠤᠨ ᠡᠴᠡ

ᠴᠠᠰᠢ ᠪᠦᠮᠪᠦᠷᠢᠭᠦ ᠦᠭᠡᠶ ᠬᠠᠳᠠᠬᠤ

ᠨᠢᠭᠡ ᠳᠤᠰᠤᠯ ᠨᠢᠯᠪᠣᠰᠤ ᠶᠤᠮ ᠡ︕


2007 ᠣᠨ ᠤ 7 ᠰᠠᠷ᠎ᠠ ᠶᠢᠨ 22 ᠊ᠤᠨ ᠥᠷᠯᠦᠭᠡ ᠪᠢᠴᠢᠪᠠ᠃

ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2937
ᠴᠠᠭ᠄ 2009 ᠤᠨ ᠤ 05 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ