ᠨᠡᠪᠲᠡᠷᠡᠨ ᠤᠷᠤᠬᠤ
ᠡᠨ ᠬᠨ ᠭᠦᠢ

ᠤᠬᠰᠠᠭ᠎ᠠ ᠤᠪᠤᠭ ᠢ ᠴᠢᠨᠢ ᠭᠡᠪᠳᠡᠰᠢ ᠪᠣᠯᠭᠠᠭᠠᠤᠨ

ᠥᠷᠡᠵᠢᠵᠤ ᠳᠠᠭᠢᠭᠠᠤᠨ ᠳᠦᠷᠦᠭᠡᠳ ᠪᠠᠢ᠌ᠠᠠᠤ ᠳᠤ

ᠡᠷᠦᠭᠡ ᠡᠡᠮᠡ ᠶᠢᠨ ᠭᠢᠨ ᠳᠠᠩᠰᠠ ᠨᠢ ᠪᠣᠯᠤᠭᠠᠤᠨ

ᠡᠳᠦᠷ ᠳᠤᠳᠤᠮ ᠵᠤᠵᠠᠭᠠᠷᠠᠭᠠᠤᠨ ᠯᠠ ᠪᠠᠢ᠌ᠨ᠎ᠠ —

ᠡᠨ ᠬᠨ ᠭᠦᠢ᠂ ᠡᠨ ᠬᠨ ᠭᠦᠢ

ᠥᠡᠳᠦᠰᠦᠳᠡᠨ ᠤ ᠪᠣᠳᠤᠯᠭ᠎ᠠ ᠠᠭᠤᠵᠢᠭᠤ ᠶᠤᠮ ᠡ︕


ᠥᠭᠡ ᠭᠡᠯᠡ ᠶᠢ ᠴᠢᠨᠢ ᠱᠤᠰᠢᠭ᠎ᠠ ᠪᠣᠯᠭᠠᠭᠠᠤᠨ

ᠡᠭᠦᠳᠡᠨ ᠳᠡᠭᠡᠷ᠎ᠡ ᠪᠠᠨ ᠡᠯᠭᠦᠭᠡᠳ ᠪᠠᠢ᠌ᠠᠠᠤ ᠳᠤ

ᠥᠩᠭᠡ ᠶᠢᠨ ᠳᠤᠷᠭ᠎ᠠ ᠲᠡᠶ ᠰᠠᠴᠤᠭ ᠨᠢ ᠪᠣᠯᠤᠭᠠᠤᠨ

ᠥᠭᠡᠳᠡ ᠤᠷᠤᠭᠤ ᠭᠡᠢ᠌ᠰᠦᠭᠡᠳ ᠯᠠ ᠪᠠᠢ᠌ᠨ᠎ᠠ —

ᠡᠨ ᠬᠨ ᠭᠦᠢ᠂ ᠡᠨ ᠬᠨ ᠭᠦᠢ

ᠥᠰᠦᠭ᠌ ᠪᠢᠴᠢᠭ᠌ ᠴᠢᠯᠦᠭᠡᠳᠡᠢ ᠶᠤᠮ ᠡ︕


ᠭᠠᠵᠠᠷ ᠨᠤᠳᠤᠭ ᠢ ᠴᠢᠨᠢ ᠭᠠᠷᠤᠯᠳᠠ ᠪᠣᠯᠭᠠᠭᠠᠤᠨ

ᠭᠠᠳᠠᠠᠠᠰᠢ ᠪᠠᠨ ᠳᠤᠳᠤᠠᠠᠰᠢ ᠪᠠᠨ ᠳᠡᠭᠡᠰᠦᠯᠡᠭᠡᠳ ᠪᠠᠢ᠌ᠠᠠᠤ ᠳᠤ

ᠭᠠᠷ ᠤᠨ ᠬᠤᠷᠤᠭᠤᠨ ᠤ ᠭᠢᠨ ᠤᠷᠦᠮ ᠨᠢ ᠪᠣᠯᠤᠭᠠᠤᠨ

ᠭᠠᠯ ᠭᠠᠷᠳᠠᠯ᠎ᠠ ᠤᠯᠠᠢ᠌ᠭᠠᠳ ᠯᠠ ᠪᠠᠢ᠌ᠨ᠎ᠠ —

ᠡᠨ ᠬᠨ ᠭᠦᠢ᠂ ᠡᠨ ᠬᠨ ᠭᠦᠢ

ᠡᠡᠪᠦ ᠶᠢᠨ ᠨᠤᠳᠤᠭ ᠠᠭᠤᠳᠠᠮ ᠶᠤᠮ ᠡ︕


ᠡᠪᠦᠭᠡ ᠳᠡᠭᠡᠳᠦᠰ ᠢ ᠴᠢᠨᠢ ᠡᠡᠷᠢᠭᠢ ᠨᠡᠷᠡᠭᠡᠳ

ᠡᠳᠦᠷ ᠰᠦᠨᠢ ᠥᠭᠡᠢ ᠨᠠᠢ᠌ᠷᠯᠠᠭᠠᠤᠨ ᠪᠠᠢ᠌ᠠᠠᠤ ᠳᠤ

ᠥᠪᠠᠷ ᠶᠢᠡᠨ ᠪᠢᠳᠠ ᠭᠷᠠᠳᠦ᠋ᠰ ᠨᠢ ᠪᠣᠯᠤᠭᠠᠤᠨ

ᠥᠡᠳᠡᠢ᠌ᠨ ᠥᠡᠳᠡᠢ᠌ᠨ ᠪᠣᠴᠠᠯᠤᠭᠠᠤᠨ ᠯᠠ ᠪᠠᠢ᠌ᠨ᠎ᠠ —

ᠡᠨ ᠬᠨ ᠭᠦᠢ᠂ ᠡᠨ ᠬᠨ ᠭᠦᠢ

ᠠᠭᠤᠤ ᠮᠤᠩᠭ᠋ᠤᠯ ᠤᠨ ᠥᠷᠡᠰ ᠶᠤᠮ ᠡ︕


ᠭᠡᠰᠢᠭ᠍ᠳᠡᠨ ᠬᠤᠰᠢᠭᠤᠨ ᠤ ᠪᠢᠷᠠᠭᠤ ᠮᠤᠩᠭ᠋ᠤᠯ ᠳᠤᠮᠳᠠᠳᠤ ᠰᠤᠷᠭᠠᠭᠤᠯᠢ ᠪᠣᠤ ᠶᠢᠨ ᠱᠠᠨ

ᠵᠤᠬᠢᠶᠠᠭᠴᠢ᠄ ᠪᠣᠤ ᠶᠢᠨ ᠱᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2652
ᠴᠠᠭ᠄ 2009 ᠤᠨ ᠤ 05 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ