ᠨᠡᠪᠲᠡᠷᠡᠨ ᠤᠷᠤᠬᠤ
ᠴᠣᠢ᠌ᠨᠤᠮ ᠳᠤ ᠳᠠᠭᠤᠯᠠᠬᠤ ᠪᠦᠦᠪᠠᠢ

ᠵᠠᠶᠠᠭ᠎ᠠ ᠴᠢᠮᠢ᠋ᠢ ᠳᠦᠷᠦᠭᠦᠯᠦᠭ᠍ᠰᠡᠨ ᠶᠤᠮ ᠭᠡᠨ᠎ᠡ ᠯᠠᠢ

ᠵᠤᠪᠠᠭᠠᠨ ᠪᠠᠢ᠌ᠵᠤ ᠥᠰᠭᠡᠭ᠍ᠰᠡᠨ ᠶᠤᠮ ᠭᠡᠨ᠎ᠡ ᠯᠠᠢ

ᠵᠥᠭᠡᠷ ᠵᠥᠭᠡᠷ᠂ ᠠᠮᠤᠭᠤᠯᠠᠩᠬᠠᠨ ᠨᠣᠢ᠌ᠷᠰᠤᠭᠠᠷᠠᠢ

ᠵᠢᠷᠭᠠᠯ ᠤᠨ ᠡᠮᠭᠦ ᠨᠢ ᠠᠮᠳᠠᠳᠠᠢ ᠶᠤᠮ ︕


ᠰᠢᠯᠦᠭ᠌ ᠢ ᠴᠢ ᠳᠦᠷᠦᠭᠦᠯᠦᠭ᠍ᠰᠡᠨ ᠶᠤᠮ ᠭᠡᠨ᠎ᠡ ᠯᠠᠢ

ᠰᠦᠨᠠᠰᠤ ᠪᠠᠨ ᠳᠤᠳᠤᠷ᠎ᠠ ᠨᠢ ᠰᠢᠩᠭᠡᠭᠡᠭ᠍ᠰᠡᠨ ᠶᠤᠮ ᠭᠡᠨ᠎ᠡ ᠯᠠᠢ

ᠠᠶᠠᠳᠠ ᠠᠶᠠᠳᠠ᠂ ᠳᠠᠢ᠌ᠪᠣᠩᠬᠠᠨ ᠨᠣᠢ᠌ᠷᠰᠤᠭᠠᠷᠠᠢ

ᠠᠯᠳᠠᠷ ᠤᠨ ᠴᠢᠮᠭᠢ ᠨᠢ ᠭᠦᠴᠦᠳᠡᠢ ᠶᠤᠮ ︕


ᠳᠠᠮᠤᠷ ᠴᠢᠷᠠᠢ ᠲᠡᠶ ᠣᠷᠴᠢᠯᠠᠩ ᠶᠤᠮ ᠭᠡᠨ᠎ᠡ ᠯᠠᠢ

ᠳᠠᠩᠬᠠᠢ ᠴᠢ ᠮᠢᠨᠢ ᠵᠥᠳᠡᠷᠡᠭ᠍ᠰᠡᠨ ᠶᠤᠮ ᠭᠡᠨ᠎ᠡ ᠯᠠᠢ

ᠳᠠᠷᠤᠤ ᠳᠠᠷᠤᠤ᠂ ᠳ᠋ᠸᠪᠠᠵᠠᠨ ᠳᠡᠭᠡᠨ ᠵᠡᠭᠦᠳᠦᠯᠡᠭᠡᠷᠡᠢ

ᠳᠠᠭᠢᠭᠠᠤᠨ ᠴᠢᠮᠢ᠋ᠢ ᠭᠡᠨ ᠴᠤ ᠳᠦᠢᠪᠠᠭᠡᠭᠦ ᠦᠭᠡᠶ ︕


ᠵᠤᠬᠢᠶᠠᠭᠴᠢ ᠶᠢᠨ ᠬᠠᠶ‍ᠢᠭ ᠄ ᠰᠢᠠᠵᠢᠶᠠᠩ ᠢᠯᠢ ᠵᠸᠤ ᠶᠢᠨ ᠳᠤᠷᠰᠢᠯᠳᠠ ᠶᠢᠨ ᠳᠤᠮᠳᠠᠳᠤ ᠰᠤᠷᠭᠠᠭᠤᠯᠢ

ᠵᠤᠬᠢᠶᠠᠭᠴᠢ᠄ ᠭᠠᠩᠭ᠋᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2639
ᠴᠠᠭ᠄ 2010 ᠤᠨ ᠤ 05 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ