ᠨᠡᠪᠲᠡᠷᠡᠨ ᠤᠷᠤᠬᠤ
ᠰᠡᠳᠭᠢᠯ ᠳᠤ ᠣᠢ᠌ᠷᠠᠬᠠᠨ ᠮᠤᠩᠭ᠋ᠤᠯ ᠪᠠᠭ᠎ᠠ ᠰᠤᠷᠭᠠᠭᠤᠯᠢ ᠮᠢᠨᠢ

ᠨᠠᠷᠢᠳ ᠤᠨ ᠭᠤᠤᠯ ᠤᠨ ᠭᠦᠪᠠᠭᠡᠨ ᠳ᠋ᠤ

ᠨᠠᠷᠠᠯᠠᠭ ᠨᠤᠳᠤᠭ ᠤᠨ ᠡᠯᠢᠭᠡᠨ ᠳᠤ

ᠨᠢ᠋ᠮᠠᠨ ᠵᠥᠭ᠌ ᠡᠴᠡ ᠴᠤᠭᠯᠠᠷᠠᠭᠰᠠᠨ

ᠨᠠᠷᠮᠠᠢ ᠮᠤᠩᠭ᠋ᠤᠯ ᠦᠷᠡᠰ ᠶᠢᠡᠨ

ᠨᠠᠷᠠᠨ ᠤ ᠠᠯᠳᠠᠨ ᠰᠠᠴᠤᠷᠠᠭ ᠶᠢᠡᠷ

ᠨᠠᠢ᠌ᠳᠠᠯ ᠭᠦᠰᠡᠯ ᠲᠡᠶ ᠪᠣᠢ᠌ᠵᠢᠭᠤᠯᠵᠤ ᠶᠠᠪᠣᠭ᠎ᠠ

ᠰᠡᠳᠭᠢᠯ ᠳᠤ ᠣᠢ᠌ᠷᠠᠬᠠᠨ

ᠮᠤᠩᠭ᠋ᠤᠯ ᠪᠠᠭ᠎ᠠ ᠰᠤᠷᠭᠠᠭᠤᠯᠢ ᠮᠢᠨᠢ

ᠪᠣᠰᠤᠭ᠎ᠠ ᠮᠤᠩᠭ᠋ᠤᠯ ᠭᠡᠯᠡ ᠪᠠᠷ ᠶᠢᠡᠨ

ᠪᠣᠯᠪᠠᠷᠠᠢ ᠣᠶᠤᠨ ᠢ ᠨᠢ ᠣᠮᠳᠠᠯᠠᠨ

ᠪᠠᠭᠠᠳᠤᠷ ᠮᠤᠩᠭ᠋ᠤᠯ ᠵᠤᠷᠢᠭ ᠶᠢᠡᠷ

ᠪᠠᠯᠴᠢᠷ ᠰᠡᠳᠭᠢᠯ ᠢ ᠨᠢ ᠭᠦᠪᠴᠢᠯᠡᠵᠤ

ᠪᠣᠮᠠᠨ ᠤ ᠳᠤᠮᠳᠠ ᠭᠢᠯᠠᠷᠠᠵᠤ ᠶᠠᠪᠣᠬᠤ

ᠪᠣᠯᠪᠠᠰᠤᠨ ᠵᠢᠦᠡᠭᠦᠯᠳᠡᠨ ᠢ ᠭᠦᠮᠦᠵᠢᠭᠦᠯᠵᠤ ᠶᠠᠪᠣᠭ᠎ᠠ

ᠰᠡᠳᠭᠢᠯ ᠳᠤ ᠣᠢ᠌ᠷᠠᠬᠠᠨ

ᠮᠤᠩᠭ᠋ᠤᠯ ᠪᠠᠭ᠎ᠠ ᠰᠤᠷᠭᠠᠭᠤᠯᠢ ᠮᠢᠨᠢ

ᠠᠷᠢᠭᠤᠨ ᠴᠢᠭᠡᠴᠢ ᠶᠢ ᠡᠷᠭᠢᠮᠯᠡᠳᠡᠭ᠌

ᠠᠷᠠᠳᠴᠢᠯᠠᠯ ᠣᠳᠤᠮᠰᠢᠯ ᠲᠡᠶ

ᠠᠯᠵᠢᠶᠠᠯ ᠵᠦᠳᠡᠷᠡᠯ ᠡᠴᠡ ᠵᠢᠷᠦᠭᠡᠰᠢᠶᠡᠳᠡᠭ᠌ ᠦᠭᠡᠶ

ᠣᠢ᠌ᠯᠠᠰᠴᠢ ᠠᠷᠢᠭᠤᠨ ᠵᠠᠩᠰᠢᠯ ᠲᠡᠶ

ᠰᠢᠨ᠎ᠠ ᠡᠷᠡᠨ ᠤ ᠪᠣᠱᠤᠭᠠᠨ ᠳᠤ

ᠰᠢᠵᠢᠷ ᠭᠡᠷᠡᠯ ᠶᠢᠡᠨ ᠰᠠᠴᠤᠷᠠᠭᠤᠯᠵᠤ ᠶᠠᠪᠣᠭ᠎ᠠ

ᠰᠡᠳᠭᠢᠯ ᠳᠤ ᠣᠢ᠌ᠷᠠᠬᠠᠨ

ᠮᠤᠩᠭ᠋ᠤᠯ ᠪᠠᠭ᠎ᠠ ᠰᠤᠷᠭᠠᠭᠤᠯᠢ ᠮᠢᠨᠢ︕


ᠬᠠᠶ‍ᠢᠭ᠄ ᠨᠢ᠋ᠮᠠᠨ ᠤ ᠮᠤᠩᠭ᠋ᠤᠯ ᠪᠠᠭ᠎ᠠ ᠰᠤᠷᠭᠠᠭᠤᠯᠢ

ᠵᠤᠬᠢᠶᠠᠭᠴᠢ᠄ ᠯᠢ ᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2640
ᠴᠠᠭ᠄ 2009 ᠤᠨ ᠤ 06 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ