☆ ᠪᠦᠭᠡᠵᠢᠷᠭᠠᠯ
ᠮᠤᠩᠭ᠋ᠤᠯ ᠨᠤᠳᠤᠭ ᠤᠨ ᠬᠠᠪᠣᠷ ᠶᠠᠭᠠᠷᠠᠨ᠎ᠠ
ᠣᠨ ᠤ ᠡᠭᠢ ᠴᠠᠭᠠᠨ ᠰᠠᠷ᠎ᠠ
ᠴᠡᠩᠭᠡᠯ ᠵᠢᠷᠭᠠᠯ ᠤᠨ ᠳᠠᠯᠠᠢ ᠳᠤ ᠶᠠᠭᠠᠷᠠᠨ᠎ᠠ
ᠣᠳᠤᠮᠳᠤ ᠮᠤᠩᠭ᠋ᠤᠯ ᠤᠨ ᠠᠷᠢᠭᠤᠨ ᠬᠠᠳᠠᠭ
ᠠᠮᠤᠷ ᠠᠰᠠᠭᠤᠨ ᠵᠤᠯᠭᠠᠭᠠᠤᠨ ᠶᠠᠭᠠᠷᠠᠨ᠎ᠠ
ᠪᠠᠶᠠᠷ ᠤᠨ ᠮᠠᠩᠨᠠᠢ᠌ᠳᠤ ᠪᠣᠭᠤᠷᠤᠯ ᠠᠪᠣ ᠵᠢᠨ
ᠬᠤᠠᠳᠠᠭ᠎ᠠ ᠳᠤᠰᠤᠭᠰᠠᠨ ᠢᠷᠦᠭᠡᠯ ᠶᠠᠭᠠᠷᠠᠨ᠎ᠠ
ᠪᠠᠬᠠᠳᠤᠯᠳᠤ ᠴᠢᠷᠠᠢ ᠲᠡᠶ ᠮᠤᠩᠭ᠋ᠤᠯ ᠡᠵᠢ ᠵᠢᠨ
ᠬᠤᠪᠢ ᠱᠠᠩᠨᠠᠭᠰᠠᠨ ᠵᠦᠩᠨᠠᠯ ᠶᠠᠭᠠᠷᠠᠨ᠎ᠠ
ᠮᠤᠩᠭ᠋ᠤᠯ ᠠᠢ᠌ᠯ ᠤᠨ ᠽᠠᠠᠳᠠᠨ ᠰᠢᠷᠡᠭᠡᠨ ᠳ᠋ᠤ
ᠰᠦ᠋ ᠲᠡᠶ ᠴᠠᠢ ᠶᠢᠨ ᠦᠨᠦᠷ ᠶᠠᠭᠠᠷᠠᠨ᠎ᠠ
ᠮᠠᠯᠴᠢᠨ ᠪᠦᠰᠡᠭᠦᠢ ᠶᠢᠨ ᠠᠵᠢᠯᠴᠢ ᠭᠠᠷ ᠳᠤ
ᠰᠢᠨ᠎ᠠ ᠰᠠᠭᠠᠯᠢ ᠶᠢᠨ ᠳᠡᠭᠡᠵᠢ ᠶᠠᠭᠠᠷᠠᠨ᠎ᠠ
ᠦᠯᠵᠡᠢ ᠪᠠᠯᠭᠡᠳᠤ ᠮᠠᠯ ᠤᠨ ᠰᠢᠨ᠎ᠠ ᠳ᠋ᠤ
ᠭᠤᠷᠪᠠᠨ ᠨᠠᠭᠠᠳᠤᠮ ᠤᠨ ᠭᠦᠭ᠍ᠵᠢᠶᠡᠨ ᠶᠠᠭᠠᠷᠠᠨ᠎ᠠ
ᠥᠭ᠍ᠭᠢᠶᠡᠮᠦᠷ ᠪᠠᠶᠠᠨ ᠡᠭᠡ ᠪᠠᠢ᠌ᠭᠠᠯᠢ ᠵᠢᠨ
ᠳᠡᠨᠢᠭᠦᠨ ᠠᠮᠢᠰᠬᠤᠯᠳᠤ ᠮᠦᠰᠢᠶᠠᠯ ᠶᠠᠭᠠᠷᠠᠨ᠎ᠠ
ᠳᠠᠯ᠎ᠠ ᠶᠢ ᠳᠠᠷᠤᠭᠰᠠᠨ ᠭᠦᠷ ᠴᠠᠰᠤ
ᠳᠠᠷᠯᠠᠨ ᠡᠭᠡᠰᠢᠵᠤ ᠣᠶᠠᠰᠤᠯ ᠶᠢᠡᠷ ᠶᠠᠭᠠᠷᠠᠨ᠎ᠠ
ᠳᠠᠪᠤᠨ ᠬᠤᠰᠢᠭᠤᠳᠤ ᠶᠢᠨ ᠳᠦᠯ ᠤᠨ ᠳᠠᠭᠤᠨ ᠤ
ᠨᠠᠢ᠌ᠷᠠᠯ ᠭᠦᠭ᠍ᠵᠢᠮ ᠤᠨ ᠭᠦᠭ᠌ ᠶᠠᠭᠠᠷᠠᠨ᠎ᠠ
ᠴᠡᠩᠭᠡᠷ ᠳᠤᠯᠭᠢᠶᠠᠠᠳᠤ ᠭᠦᠳᠡᠭᠡ ᠶᠢᠨ ᠵᠡᠷᠭᠡᠯᠭᠡᠨ
ᠳᠡᠭ᠍ᠷᠢ ᠶᠢᠨ ᠭᠢᠵᠠᠭᠠᠷ ᠳᠠᠯᠮᠠᠵᠤ ᠶᠠᠭᠠᠷᠠᠨ᠎ᠠ
ᠴᠢᠭᠢᠭ᠍ᠯᠢᠭ᠌ ᠭᠦᠷᠦᠰᠤᠨ ᠤ ᠨᠢᠯᠬ᠎ᠠ ᠨᠤᠭᠤᠭ᠎ᠠ
ᠬᠠᠭᠳᠠ ᠲᠦᠯᠬᠢᠨ ᠴᠤᠬᠣᠢ᠌ᠵᠤ ᠶᠠᠭᠠᠷᠠᠨ᠎ᠠ
ᠠᠶᠠᠰ ᠤᠨ ᠰᠠᠯᠭᠢᠨ ᠳᠤ ᠭᠤᠤᠯ ᠭᠤᠷᠤᠬ᠎ᠠ
ᠭᠡᠪᠠᠯᠢ ᠳᠦᠭᠦᠷᠡᠩ ᠬᠠᠢ᠌ᠯ ᠲᠡᠶ ᠶᠠᠭᠠᠷᠠᠨ᠎ᠠ
ᠠᠷᠤ ᠭᠠᠵᠠᠷ ᠤᠨ ᠴᠡᠩᠭᠡᠷ ᠨᠠᠭᠤᠷ ᠳᠠᠭᠠᠨ
ᠭᠠᠯᠠᠭᠤᠳ ᠢᠷᠡᠭᠡᠳ ᠪᠦᠵᠢᠭ᠍ᠯᠡᠵᠤ ᠶᠠᠭᠠᠷᠠᠨ᠎ᠠ
ᠠᠳᠤᠭᠤ ᠮᠠᠯ ᠤᠨ ᠳᠡᠯᠯᠡᠭᠡ ᠬᠠᠭᠠᠷᠢᠯᠭ᠎ᠠ ᠳ᠋ᠤ
ᠠᠯᠳᠠᠨ ᠬᠣᠢ᠌ᠪᠢᠳᠤ ᠣᠷᠭ᠎ᠠ ᠶᠠᠭᠠᠷᠠᠨ᠎ᠠ
ᠠᠷᠭᠠᠯ ᠤᠨ ᠳᠠᠯᠠᠩ ᠶᠢᠡᠨ ᠦᠨᠳᠦᠷ ᠪᠣᠰᠬᠠᠬᠤ ᠪᠠᠷ
ᠠᠵᠢᠯᠴᠢ ᠨᠠᠰᠤᠳᠠᠨ ᠡᠷᠳᠡᠯᠡᠵᠤ ᠶᠠᠭᠠᠷᠠᠨ᠎ᠠ
ᠭᠠᠯᠪᠠ ᠳᠡᠯᠡᠭᠡᠢ ᠶᠢᠨ ᠭᠦᠰᠡᠯ ᠤᠨ ᠨᠠᠷᠠ
ᠪᠠᠭᠠᠴᠤᠳ ᠬᠡᠦᠬᠡᠳ ᠰᠤᠷᠤᠯᠴᠠᠵᠤ ᠶᠠᠭᠠᠷᠠᠨ᠎ᠠ
ᠭᠠᠩᠭ᠋ᠠᠩ ᠭᠦᠳᠡᠭᠡ ᠶᠢᠨ ᠳᠡᠷᠭᠡᠯ ᠰᠠᠷ᠎ᠠ
ᠡᠩᠭᠡ ᠠᠮᠤᠭᠤᠯᠠᠩ ᠠᠮᠢᠳᠤᠷᠠᠯ ᠶᠠᠭᠠᠷᠠᠨ᠎ᠠ
ᠳᠠᠯ᠎ᠠ ᠨᠤᠳᠤᠭ ᠤᠨ ᠮᠥᠩᠭᠡ ᠬᠠᠪᠣᠷ
ᠠᠯᠤᠰ ᠢ ᠵᠤᠷᠢᠨ ᠣᠷᠤᠰᠴᠤ ᠶᠠᠭᠠᠷᠠᠨ᠎ᠠ
ᠳᠠᠩᠰᠤᠭ ᠪᠠᠢ᠌ᠭᠠᠯᠢ ᠶᠢᠨ ᠵᠤᠨ ᠢ ᠣᠭᠳᠤᠬᠤ ᠪᠠᠷ
ᠮᠤᠩᠭ᠋ᠤᠯ ᠨᠤᠳᠤᠭ ᠤᠨ ᠬᠠᠪᠣᠷ ᠶᠠᠭᠠᠷᠠᠨ᠎ᠠ᠃
ᠵᠤᠬᠢᠶᠠᠭᠴᠢ ᠶᠢᠨ ᠬᠠᠶᠢᠭ ᠄ ᠭᠡᠰᠢᠭ᠍ᠳᠡᠨ ᠤ ᠮᠤᠩᠭ᠋ᠤᠯ ᠳᠤᠮᠳᠠᠳᠤ ᠰᠤᠷᠭᠠᠭᠤᠯᠢ
ᠵᠤᠬᠢᠶᠠᠭᠴᠢ᠄ ᠪᠦᠭᠡᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2010 ᠤᠨ ᠤ 02 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ