ᠨᠡᠪᠲᠡᠷᠡᠨ ᠤᠷᠤᠬᠤ
ᠮᠠᠷᠳᠠᠵᠤ ᠴᠢᠳᠠᠬᠤ ᠦᠭᠡᠶ ᠠᠮᠠᠷᠠᠭ ᠮᠢᠨᠢ

ᠠᠮᠠᠷᠠᠭ ᠮᠢᠨᠢ

ᠴᠢᠮ᠎ᠠ ᠦᠭᠡᠶ ᠡᠳᠦᠷ ᠤᠳ ᠲᠤ

ᠨᠠᠷᠠᠳᠤ ᠣᠷᠴᠢᠯᠠᠩ

ᠭᠡᠷᠡᠯ ᠶᠢᠡᠷ ᠨᠢᠭᠡ ᠳᠤᠳᠠᠬᠤ ᠰᠢᠭ

ᠭᠤᠤᠯ ᠤᠨ ᠣᠰᠤ

ᠱᠤᠤᠭᠢᠶ᠎ᠠ ᠪᠠᠷ ᠨᠢᠭᠡ ᠳᠤᠳᠠᠬᠤ ᠰᠢᠭ

ᠨᠤᠮᠢᠨ ᠣᠢ ᠳᠤ

ᠪᠣᠮᠵᠤᠮᠤᠷ ᠶᠢᠡᠷ ᠨᠢᠭᠡ ᠳᠤᠳᠠᠬᠤ ᠰᠢᠭ

ᠨᠤᠭᠤᠭᠠᠨ ᠳᠠᠯ᠎ᠠ ᠳᠤ

ᠴᠡᠴᠡᠭ᠌ ᠶᠢᠡᠷ ᠨᠢᠭᠡ ᠳᠤᠳᠠᠬᠤ ᠰᠢᠭ

ᠦᠨᠳᠦᠷ ᠠᠭᠤᠯᠠᠨ ᠳᠤ

ᠪᠦᠷᠭᠦᠤᠨ ᠶᠢᠡᠷ ᠨᠢᠭᠡ ᠳᠤᠳᠠᠬᠤ ᠰᠢᠭ

ᠮᠢᠨᠤ ᠪᠠᠶ᠎ᠠ

ᠰᠦᠯᠳᠡ ᠪᠠᠷ ᠨᠢᠭᠡ ᠳᠤᠳᠠᠬᠤ ᠰᠢᠭ ᠡ ︕


ᠴᠢ ᠨᠠᠮ᠎ᠠ ᠶᠢ

ᠶᠠᠭᠤᠨ ᠳᠤ ᠬᠠᠢ᠌ᠷᠠᠯᠠᠭᠰᠠᠨ ᠪᠣᠢ ᠭᠡᠵᠤ

ᠨᠠᠳᠠ ᠡᠴᠡ ᠪᠢᠳᠡᠭᠡᠢ ᠠᠰᠠᠭᠤᠭᠠᠷᠠᠢ ︕

ᠬᠠᠢ᠌ᠷ᠎ᠠ ᠳᠤ

ᠰᠢᠯᠳᠠᠭᠠᠨ ᠨᠥᠭᠦᠴᠡᠯ

ᠡᠨᠡ ᠳᠠᠷᠠ ᠭᠡᠵᠤ

ᠪᠠᠢ᠌ᠬᠤ ᠦᠭᠡᠶ ᠶᠤᠮ

ᠬᠠᠢ᠌ᠷ᠎ᠠ ᠳ᠋ᠤ

ᠳᠡᠭ᠍ᠷᠢ ᠶᠢᠨ ᠬᠠᠶᠠᠭ᠎ᠠ

ᠭᠠᠵᠠᠷ ᠤᠨ ᠭᠢᠵᠠᠭᠠᠷ ᠭᠡᠵᠤ

ᠪᠠᠢ᠌ᠬᠤ ᠦᠭᠡᠶ ᠶᠤᠮ

ᠴᠢᠮ᠎ᠠ ᠵᠢ

ᠬᠠᠢ᠌ᠷᠠᠯᠠᠭᠰᠠᠨ ᠬᠠᠢ᠌ᠷ᠎ᠠ ᠪᠠᠷ

ᠣᠷᠴᠢᠯᠠᠩ ᠳᠡᠯᠡᠭᠡᠢ ᠶᠢ ᠪᠦᠷᠭᠦᠪᠠᠯ

ᠨᠠᠷᠠᠨ ᠤ ᠠᠢ᠌ᠮᠠᠭ

ᠪᠠᠭᠠᠳᠠᠬᠤ ᠶᠤᠮ ᠡ ︕


ᠨᠢᠯᠪᠣᠰᠤ ᠪᠠᠷ ᠶᠢᠡᠨ

ᠰᠠᠯᠤᠯᠴᠠᠭᠰᠠᠨ

ᠳᠠᠷᠠ ᠨᠠᠮᠤᠷ ᠢ

ᠮᠠᠷᠳᠠᠵᠤ ᠴᠢᠳᠠᠬᠤ ᠦᠭᠡᠶ ᠶᠤᠮ ᠪᠢ

ᠦᠴᠦᠭᠡᠳᠦᠷᠭᠡᠨ ᠰᠢᠭ᠌

ᠪᠣᠳᠤᠭᠳᠠᠬᠤ ᠳᠠᠷᠠ

ᠣᠴᠢᠷ ᠤᠳ

ᠨᠢᠭᠡᠨᠲᠡ ᠣᠯᠠᠨ ᠵᠢᠯ ᠪᠣᠯᠵᠠᠢ᠃

ᠴᠢᠮ᠎ᠠ ᠶᠢ

ᠮᠠᠷᠳᠠᠴᠢᠬᠠᠶ᠎ᠠ ᠭᠡᠵᠤ

ᠨᠢᠳᠤ ᠪᠠᠨ ᠠᠨᠢᠵᠤ

ᠬᠠᠳᠠᠭᠤ ᠵᠤᠷᠢᠭᠯᠠᠭᠰᠠᠨ ᠶᠤᠮ

ᠬᠤᠶᠠᠷ ᠨᠢᠳᠤ ᠡᠴᠡ ᠮᠢᠨᠢ

ᠣᠷᠤᠰᠬᠤ ᠨᠢᠯᠪᠣᠰᠤ ᠬᠠᠷᠢᠨ

ᠮᠢᠨᠤ ᠰᠡᠳᠭᠢᠯ ᠢ

ᠮᠡᠭᠡᠯᠡᠵᠤ ᠴᠢᠳᠠᠭᠰᠠᠨ ᠦᠭᠡᠶ

ᠠᠯᠤᠰ ᠲᠤ ᠳᠡᠮᠤᠯᠡᠭᠦ

ᠠᠶᠠᠨ ᠤ ᠰᠢᠪᠠᠭᠤᠳ ᠡ ︕

ᠳᠠᠨᠠᠷ ᠨᠠᠳᠠ ᠶᠢ

ᠭᠦᠯᠢᠶᠡᠵᠤ ᠪᠠᠢ᠌ᠭᠠᠭᠠᠷᠠᠢ ︕

ᠰᠡᠳᠭᠢᠯ ᠳᠡᠭᠡᠨ ᠬᠠᠳᠠᠭᠠᠯᠠᠭᠰᠠᠨ

ᠨᠢᠭᠤᠴᠠᠬᠠᠨ ᠥᠭᠡ ᠶᠢ ᠮᠢᠨᠢ

ᠠᠮᠠᠷᠠᠭ ᠲᠤ ᠮᠢᠨᠢ

ᠭᠦᠷᠭᠡᠵᠤ ᠦᠭ‍ᠭᠦᠭᠡᠷᠡᠢ ︕


ᠵᠤᠬᠢᠶᠠᠭᠴᠢ ᠶᠢᠨ ᠬᠠᠶ‍ᠢᠭ᠄ ᠰᠢᠠᠵᠢᠶᠠᠩ ᠪᠠᠶᠠᠠᠭᠤᠤᠯ

ᠵᠤᠬᠢᠶᠠᠭᠴᠢ᠄ ᠪᠠᠶᠠᠠᠳᠠᠯ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2629
ᠴᠠᠭ᠄ 2010 ᠤᠨ ᠤ 08 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ