ᠨᠡᠪᠲᠡᠷᠡᠨ ᠤᠷᠤᠬᠤ
ᠬᠠᠢ᠌ᠷ᠎ᠠ ᠶᠢᠨ ᠬᠦᠯᠢᠶᠡᠯᠲᠡ

ᠣᠶᠠᠷᠠᠨ ᠵᠦᠰᠠᠷᠠᠵᠤ ᠪᠣᠷᠤᠭ᠎ᠠ ᠰᠢᠪᠠᠷᠠᠨ᠎ᠠ

ᠣᠳᠠᠨ ᠤ ᠳᠠᠯᠳᠠ ᠳᠤ ᠴᠢ ᠮᠢᠨᠢ ᠵᠤᠭᠰᠤᠨ᠎ᠠ

ᠰᠢᠭᠦᠷ ᠴᠤ ᠦᠭᠡᠶ᠂ ᠴᠤᠪᠠ ᠴᠤ ᠦᠭᠡᠶ

ᠰᠠᠤᠠᠭᠢᠯ ᠤᠨ ᠬᠤᠩᠭ᠋ᠤᠷ ᠨᠠᠮᠢ᠋ᠢ ᠪᠠᠨ ᠭᠦᠯᠢᠶᠡᠨ᠎ᠡ

ᠠᠮᠠᠷᠠᠭ ᠬᠠᠢ᠌ᠷ᠎ᠠ ᠭᠡᠵᠢᠶᠡᠳᠡ ᠬᠤᠪᠢᠷᠠᠬᠤ ᠦᠭᠡᠶ

ᠠᠮᠢᠳᠤᠷᠠᠯ ᠤᠨ ᠴᠡᠩᠭᠡᠯ ᠡ᠊ᠨᠳᠡ ᠡᠴᠡ ᠡᠭᠢᠯᠡᠨ᠎ᠡ

ᠠᠷᠢᠭᠤᠨ ᠰᠠᠤᠠᠭᠢᠯ ᠤᠨ ᠭᠦᠯᠢᠶᠡᠯᠳᠡ ᠳᠤ

ᠠᠭᠠᠳᠤᠷ ᠪᠣᠷᠤᠭᠠᠨ ᠶᠠᠭᠤ ᠪᠣᠢ


ᠵᠢᠭᠡᠭᠦᠨ ᠰᠠᠯᠭᠢ ᠵᠢᠩᠭᠢᠨᠠᠳᠠᠯ᠎ᠠ ᠦᠯᠢᠶᠠᠨ᠎ᠠ

ᠵᠠᠮ ᠤᠨ ᠬᠠᠵᠠᠭᠤ ᠳᠤ ᠴᠢ ᠮᠢᠨᠢ ᠵᠤᠭᠰᠤᠨ᠎ᠠ

ᠵᠤᠪᠴᠠᠭ᠎ᠠ ᠴᠤ ᠦᠭᠡᠶ᠂ ᠳᠡᠷᠯᠢᠭ᠌ ᠴᠤ ᠦᠭᠡᠶ᠂

ᠵᠠᠶᠠᠭᠠᠨ ᠤ ᠠᠮᠠᠷᠠᠭ ᠨᠠᠮᠢ᠋ᠢ ᠪᠠᠨ ᠭᠦᠯᠢᠶᠡᠨ᠎ᠡ

ᠬᠠᠢ᠌ᠷ᠎ᠠ ᠶᠢᠨ ᠢᠯᠴᠢ ᠭᠡᠵᠢᠶᠡᠳᠡ ᠪᠠᠭᠤᠷᠠᠬᠤ ᠦᠭᠡᠶ

ᠬᠠᠨᠢᠯᠠᠬᠤ ᠶᠢᠨ ᠵᠢᠷᠭᠠᠯ ᠢ ᠡ᠊ᠨᠳᠡ ᠡᠴᠡ ᠡᠳ᠋ᠯᠡᠨ᠎ᠡ

ᠬᠠᠯᠠᠭᠤᠨ ᠬᠠᠢ᠌ᠷ᠎ᠠ ᠶᠢᠨ ᠭᠦᠯᠢᠶᠡᠯᠳᠡ ᠳᠤ

ᠬᠠᠭᠢᠷ ᠭᠦᠢᠳᠡᠨ ᠶᠠᠭᠤ ᠪᠣᠢ


ᠵᠤᠬᠢᠶᠠᠭᠴᠢ᠄ ᠴ·ᠪᠠᠶᠠᠰᠤᠯ
ᠢᠷᠡᠯᠲᠡ᠄ ᠵᠠᠷᠤᠳ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭᠠᠲᠤ ᠬᠤᠷᠠᠯ ᠬᠠᠩᠭᠠᠪᠠ
ᠬᠠᠷᠢᠶ᠎ᠠ᠄ ᠰᠢᠯᠦᠭ
ᠳᠠᠷᠤᠮ᠄ 3489
ᠴᠠᠭ᠄ 2004 ᠤᠨ ᠤ 10 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ