ᠨᠡᠪᠲᠡᠷᠡᠨ ᠤᠷᠤᠬᠤ
ᠬᠠᠢ᠌ᠷ᠎ᠠ ᠶᠢᠨ ᠵᠥᠰᠡᠷᠭᠡ

ᠠᠭᠤᠯᠵᠠᠭ᠎ᠠ ᠦᠭᠡᠶ ᠳᠠᠩᠳᠠ ᠣᠳᠠᠯ᠎ᠠ

ᠣᠴᠠᠷᠠᠶ᠎ᠠ ᠭᠡᠵᠤ ᠳᠡᠩᠳᠡᠭᠦᠤ ᠭᠦᠰᠡᠯ᠎ᠡ

ᠰᠠᠷᠠᠪᠴᠢᠯᠠᠨ ᠰᠠᠷᠠᠪᠴᠢᠯᠠᠨ ᠬᠠᠷᠠᠬᠤ ᠳ᠋ᠤ

ᠴᠢ ᠮᠢᠨᠢ ᠳᠠᠩᠳᠠ ᠠᠯᠤᠰ ᠪᠠᠢ᠌ᠯ᠎ᠠ

ᠰᠠᠨᠠᠨ ᠰᠠᠨᠠᠨ ᠵᠡᠭᠦᠳᠦᠯᠡᠭᠦ ᠳ᠋ᠤ

ᠴᠢ ᠮᠢᠨᠢ ᠳᠠᠩᠳᠠ ᠣᠢ᠌ᠷ᠎ᠠ ᠪᠠᠢ᠌ᠯ᠎ᠠ

ᠰᠠᠷ᠎ᠠ ᠡᠳᠦᠷ ᠶᠢᠡᠷ ᠬᠠᠢ᠌ᠯᠤᠨ ᠣᠷᠤᠰᠤᠳᠠᠯ᠎ᠠ

ᠴᠢᠮ᠎ᠠ ᠪᠠᠨ ᠥᠭᠡᠢ᠌ᠯᠡᠨ

ᠣᠴᠢᠨ᠎ᠠ ᠯᠠ ᠳ᠋ᠠ

ᠴᠢᠮ᠎ᠠ ᠳᠡᠭᠡᠷ᠎ᠡ ᠪᠠᠨ ᠭᠡᠭᠦ ᠡᠴᠡ

ᠰᠡᠳᠭᠢᠯ ᠤᠨ ᠮᠢᠨᠢ ᠬᠠᠭᠤᠷᠠᠢ ᠡᠷᠭᠢ

ᠬᠠᠢ᠌ᠷ᠎ᠠ ᠳᠠᠭᠠᠨ ᠣᠶᠠᠷᠠᠨ ᠶᠡᠭᠦᠷᠡᠵᠤ

ᠬᠤᠨᠢ ᠡᠴᠡ ᠠᠶᠤᠵᠤ

ᠴᠢᠨ᠋ᠸ᠎ᠠ ᠡᠴᠡ ᠴᠤ ᠠᠶᠤᠭᠰᠠᠨ

ᠬᠠᠷ᠎ᠠ ᠠᠶᠤᠩᠭ᠋ᠤᠷᠢᠳᠤ ᠡᠳᠦᠷ ᠬᠤᠨᠤᠭ ᠢ ᠡᠴᠦᠰᠯᠡᠭᠦᠯᠤᠨ

ᠭᠡᠯᠡᠵᠤ ᠳᠡᠢ᠌ᠯᠭᠦ ᠦᠭᠡᠶ ᠶᠡᠭᠡ ᠳᠤᠭᠳᠤᠯᠤᠯ ᠴᠠᠯᠭᠢᠯᠠᠭᠤᠯᠤᠭᠰᠠᠭᠠᠷ

ᠬᠤᠯᠠ ᠶᠢᠨ ᠬᠤᠯᠠ ᠬᠤᠷᠴᠢᠨ ᠡᠴᠡ

ᠬᠤᠷᠸ᠎ᠠ ᠪᠠᠭᠠᠳᠠᠮ᠎ᠠ ᠦᠭᠡᠶ ᠬᠠᠢ᠌ᠷ᠎ᠠ ᠵᠥᠰᠡᠷᠡᠭᠦᠯᠦᠭ᠍ᠰᠡᠭ᠍ᠷ

ᠭᠦᠷᠦᠭᠡᠳ ᠣᠴᠢᠨ᠎ᠠ ᠳ᠋ᠠ ᠴᠢᠮ᠎ᠠ ᠳᠡᠭᠡᠷ᠎ᠡ ᠪᠠᠨ

ᠪᠢ︕

ᠴᠢᠮ᠎ᠠ ᠳᠡᠭᠡᠷ᠎ᠡ ᠪᠠᠨ ᠣᠴᠢᠨ᠎ᠠ ᠳ᠋ᠠ

ᠴᠡᠴᠡᠭ᠌ ᠪᠣᠢ᠌ᠯᠠᠮ᠎ᠠ ᠢᠯᠳᠠᠮᠬᠠᠨ ᠠᠭᠠᠰᠢᠨ ᠳᠤ ᠴᠢᠨᠢ

ᠰᠢᠯᠦᠭ᠌ ᠲᠡᠶ ᠪᠠᠨ ᠬᠠᠮᠳᠤ ᠡᠮᠳᠡᠷᠡᠵᠤ ᠣᠴᠢᠨ᠎ᠠ

ᠰᠡᠳᠭᠢᠯ ᠭᠡᠵᠢᠭ᠍ᠳᠡᠭ᠍ᠰᠡᠨ ᠭᠤᠸ᠎ᠡ ᠬᠠᠷᠠᠴᠠᠨ ᠡᠴᠡ ᠴᠢᠨᠢ

ᠰᠠᠢ᠌ᠬᠠᠨ ᠵᠠᠯᠠᠭᠤ ᠶᠢᠨ ᠳᠤᠷᠠᠰᠤᠯ ᠡᠷᠢᠭᠦ ᠪᠠᠷ ᠣᠴᠢᠨ᠎ᠠ

ᠰᠠᠯᠭᠢᠨ ᠰᠡᠪᠠᠯᠭᠡᠨ ᠲᠡᠶ ᠣᠩᠭ᠋ᠤᠨ ᠬᠠᠷ᠎ᠠ ᠭᠡᠵᠢᠭᠡᠨ ᠳᠤ ᠴᠢᠨᠢ

ᠰᠠᠨᠠᠭᠠᠨ ᠤ ᠴᠡᠩᠭᠡᠷ ᠡᠷᠪᠠᠭᠡᠢ ᠪᠠᠨ ᠵᠠᠩᠭᠢᠤᠠᠬᠤ ᠪᠠᠷ ᠣᠴᠢᠨ᠎ᠠ

ᠰᠦᠨᠢ ᠶᠢᠨ ᠭᠦᠨ ᠤ ᠦᠨᠦᠴᠢᠨ ᠵᠡᠭᠦᠳᠤᠨ ᠢ ᠴᠢᠨᠢ

ᠰᠠᠷᠠᠨ ᠤ ᠳᠤᠶᠠᠭ᠎ᠠ ᠪᠠᠷ ᠰᠦᠯᠠᠵᠤ ᠳᠡᠷᠭᠡᠯᠰᠢᠭᠦᠯᠭᠦ ᠪᠠᠷ ᠣᠴᠢᠨ᠎ᠠ

ᠣᠴᠢᠨ᠎ᠠ ᠳ᠋ᠠ ᠴᠢᠮ᠎ᠠ ᠳᠡᠭᠡᠷ᠎ᠡ ᠪᠠᠨ

ᠠᠳᠤᠭᠤᠨ ᠤ ᠴᠢᠨᠢ ᠭᠠᠩᠭ᠋ᠠᠩ ᠢᠠᠴᠠᠭ᠎ᠠ ᠪᠠᠷ ᠰᠡᠭᠦᠭᠡᠭ᠍ᠳᠡᠭᠦ

ᠠᠭᠤᠳᠠᠮ ᠭᠡᠭᠡᠷ᠎ᠡ ᠶᠢᠨ ᠴᠢᠨᠢ ᠰᠡᠷᠮᠡᠭᠦᠨ ᠥᠤᠷ ᠵᠢᠠᠷ

ᠠᠭᠤᠵᠢᠷᠠᠳᠠᠯ᠎ᠠ ᠨᠢᠭᠡ ᠢᠰᠭᠢᠷᠴᠤ

ᠠᠯᠠᠭ ᠴᠡᠴᠡᠭ᠌ ᠤᠨ ᠴᠢᠨᠢ ᠮᠢᠰᠢᠪᠢᠯᠵᠡᠭᠡᠨ ᠵᠢᠠᠷ

ᠠᠷᠪᠠᠨ ᠨᠢ᠋ᠮᠠᠨ ᠨᠠᠰᠤᠨ ᠤ ᠳᠤᠷᠠᠯᠠᠯ ᠭᠡᠯᠭᠢᠵᠤ

ᠠᠷᠭ᠎ᠠ ᠦᠭᠡᠶ ᠬᠠᠢ᠌ᠷᠠᠳᠠᠢ ᠴᠢᠮ᠎ᠠ ᠳ᠋ᠠᠭᠠᠨ

ᠠᠶᠠᠯᠤᠨ ᠠᠶᠠᠯᠤᠨ ᠣᠩᠰᠢᠬᠤ ᠰᠠᠨ

ᠨᠠᠢ᠌ᠷᠠᠭ ᠤᠨ ᠣᠶᠠᠬᠠᠨ ᠪᠦᠦᠪᠠᠢ ᠪᠠᠷ ᠣᠶᠠᠰᠬᠤ

ᠨᠠᠢ᠌ᠷᠰᠠᠭ ᠬᠤᠳᠠ ᠶᠢᠨ ᠴᠢᠨᠢ ᠢᠷᠠᠭᠤᠬᠠᠨ ᠦᠳᠡᠰᠢ ᠵᠢ

ᠨᠠᠮ ᠵᠢᠮᠭᠡᠨ ᠭᠦᠨ ᠮᠥᠷᠦᠭᠡᠳᠦᠯ ᠶᠢᠡᠷ ᠬᠤᠴᠢᠵᠤ

ᠨᠠᠮᠬᠠᠷᠠᠰᠢ ᠦᠭᠡᠶ ᠴᠢᠨᠤ ᠬᠠᠢ᠌ᠷ᠎ᠠ ᠶᠢᠨ ᠢᠭ᠍ᠳᠦᠯᠦᠯ ᠢ ᠴᠢᠨᠢ

ᠨᠠᠢ᠌ᠷᠠᠭᠴᠢ ᠭᠦᠮᠤᠨ ᠤ ᠡᠮᠵᠡᠭ᠌ ᠪᠣᠳᠤᠯ ᠶᠢᠡᠷ ᠢᠯᠪᠢᠵᠤ

ᠨᠤᠴᠤᠮ᠎ᠠ ᠳᠤᠷᠠᠯᠠᠯ ᠤᠨ ᠬᠠᠯᠠᠭᠤᠨ ᠣᠷᠤᠭᠤᠯ ᠵᠢᠠᠷ

ᠦᠨᠦᠰᠤᠨ ᠦᠨᠦᠰᠤᠨ ᠰᠤᠭᠳᠤᠨᠠᠮ ᠁ 

ᠳᠠᠭᠳᠠᠭ᠎ᠠ ᠶᠢᠨ ᠴᠢᠨᠢ ᠠᠮᠤᠭᠤᠯᠠᠩ ᠭᠦᠭᠦᠳᠦᠭᠡᠨᠡᠨ ᠳᠤ ᠴᠢᠨᠢ

ᠪᠦᠳᠤᠨ ᠵᠡᠭᠦᠳᠤ ᠮᠠᠨᠠᠵᠤ

ᠳᠠᠯ᠎ᠠ ᠶᠢᠨ ᠴᠢᠨᠢ ᠳᠤᠷᠭᠠᠨ ᠡᠯᠢᠭᠡᠨ ᠳᠤ ᠠᠮᠤᠷ ᠵᠠᠳᠠᠭᠠᠢ ᠬᠤᠨᠤᠭᠯᠠᠨᠠᠮ

ᠳᠠᠭᠤᠤ ᠶᠢᠨ ᠴᠢᠨᠢ ᠢᠷᠠᠭᠤ ᠰᠤᠨᠤᠰᠬᠤᠯᠠᠩ ᠳᠤ ᠠᠮᠠᠷᠠᠭ

ᠵᠢᠷᠭᠠᠯ ᠰᠢᠮᠠᠵᠤ

ᠳᠠᠪᠢᠯᠠᠩ ᠵᠠᠶᠠᠭᠠᠨ ᠤ ᠭᠠᠯ ᠳᠤᠯᠭᠠᠨ ᠳᠤ ᠴᠢᠨᠢ ᠢᠳᠡᠭᠡᠯ ᠤᠨ ᠰᠥ᠋ ᠳᠤᠰᠭᠠᠨᠠᠮ︕

ᠣᠴᠢᠨ᠎ᠠ ᠳ᠋ᠠ ᠴᠢᠮ᠎ᠠ ᠳᠡᠭᠡᠷ᠎ᠡ ᠪᠠᠨ

ᠡ᠊ᠨᠳᠡᠭᠦᠷᠡᠵᠤ ᠡᠷᠭᠢᠭᠦᠳᠡᠵᠤ ᠶᠠᠪᠣᠭᠰᠠᠨ ᠭᠡᠶ‍ᠦᠷᠡᠯᠳᠤ ᠣᠨ ᠵᠢᠯ ᠤᠳ ᠢ

ᠢᠷᠠᠵᠤ ᠶᠠᠪᠣᠭ᠎ᠠ ᠣᠶᠠᠩᠭ᠋ᠠᠨ ᠴᠠᠭᠠᠨ ᠡᠳᠦᠷ ᠬᠤᠨᠤᠭ ᠶᠢᠡᠷ ᠨᠥᠭᠦᠵᠤ

ᠣᠨᠠᠵᠤ ᠪᠣᠰᠬᠤ ᠬᠤᠷᠸ᠎ᠠ ᠶᠢᠨ ᠶᠡᠭᠡ ᠵᠠᠢ᠌ᠴᠢᠨ ᠳ᠋ᠤ

ᠣᠴᠠᠷᠠᠵᠤ ᠵᠤᠯᠭᠠᠬᠤ ᠶᠢᠨ ᠠᠮᠢᠳᠤᠷᠠᠯ ᠤᠨ ᠬᠠᠳᠠᠭᠤ ᠨᠤᠭᠤᠴᠠᠭᠠᠨ ᠳ᠋ᠤ

ᠡᠷ᠎ᠡ ᠭᠦᠮᠤᠨ ᠤ ᠶᠤᠰᠤᠭᠠᠷ

ᠡᠵᠡᠨ ᠵᠠᠶᠠᠭ᠎ᠠ ᠲᠡᠶ ᠦᠨᠳᠠᠢ᠌ᠨ ᠣᠴᠢᠨ᠎ᠠ

ᠴᠢᠮ᠎ᠠ ᠳᠡᠭᠡᠷ᠎ᠡ ᠪᠠᠨ

ᠡᠷᠢᠶᠡᠨ ᠪᠠᠷᠢᠶᠠᠨ ᠠᠮᠢᠳᠤᠷᠠᠯ ᠤᠨ ᠣᠷᠳᠤ ᠠᠶᠠᠨ ᠳ᠋ᠤ

ᠠᠭᠢᠭᠠᠤᠨ ᠯᠠ ᠪᠢᠳᠡᠭᠡᠢ ᠰᠠᠯᠤᠯᠴᠠᠶ᠎ᠠ

ᠴᠢ᠂ ᠪᠢᠳᠠ︕


ᠭᠢᠩᠭ᠋ᠠᠨ ᠤ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠷᠠᠭᠤᠨ ᠳᠠᠪᠢᠨ ᠰᠤᠷᠭᠠᠭᠤᠯᠢ

ᠵᠤᠬᠢᠶᠠᠭᠴᠢ᠄ ᠭᠢᠶᠠᠨ ᠠᠵᠢᠨᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2892
ᠴᠠᠭ᠄ 2009 ᠤᠨ ᠤ 05 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ