ᠨᠡᠪᠲᠡᠷᠡᠨ ᠤᠷᠤᠬᠤ
ᠮᠤᠩᠭ᠋ᠤᠯ ᠬᠡᠦᠬᠡᠳ ᠤᠨ ᠣᠤᠠᠬ᠎ᠠ ᠵᠤᠬᠢᠶᠠᠯ ᠤᠨ ᠣᠳᠤᠭᠢ ᠪᠠᠢ᠌ᠳᠠᠯ ᠤᠨ ᠳᠤᠬᠠᠢ

    ᠣᠳᠤᠬᠠᠨ ᠮᠤᠩᠭ᠋ᠤᠯ ᠬᠡᠦᠬᠡᠳ ᠤᠨ ᠣᠤᠠᠬ᠎ᠠ ᠵᠤᠬᠢᠶᠠᠯ ᠤᠨ ᠭᠦᠭ᠍ᠵᠢᠯᠳᠡ ᠳᠤ ᠶᠠᠮᠠᠷ ᠶᠠᠮᠠᠷ ᠪᠣᠳᠠᠳᠠᠢ ᠠᠰᠠᠭᠤᠳᠠᠯ ᠳᠤᠯᠭᠠᠷᠠᠵᠤ ᠪᠠᠢ᠌ᠭ᠎ᠠ ᠪᠣᠢ︖ ᠮᠤᠩᠭ᠋ᠤᠯ ᠬᠡᠦᠬᠡᠳ ᠤᠨ ᠣᠤᠠᠬ᠎ᠠ ᠵᠤᠬᠢᠶᠠᠯ ᠤᠨ ᠬᠤᠵᠢᠮ ᠤᠨ ᠭᠦᠭ᠍ᠵᠢᠯᠳᠡ ᠳᠤ ᠶᠠᠮᠠᠷ ᠳᠠᠯ᠎ᠠ ᠶᠢᠨ ᠠᠵᠢᠯ ᠢ ᠠᠩᠬᠠᠷᠴᠤ ᠭᠢᠭᠦ ᠴᠢᠬᠤᠯᠠᠳᠠᠢ ᠪᠠᠢ᠌ᠭ᠎ᠠ ᠪᠣᠯ︖ ᠡᠨᠡ ᠪᠣᠯ ᠣᠯᠠᠨ ᠤ ᠠᠩᠬᠠᠷᠴᠤ ᠪᠠᠢ᠌ᠭ᠎ᠠ ᠠᠰᠠᠭᠤᠳᠠᠯ᠃

    ᠣᠳᠤ ᠡᠴᠡ ᠳᠠᠪᠢ ᠵᠢᠷᠠᠨ ᠵᠢᠯ ᠡᠴᠡ ᠬᠤᠷᠢ ᠭᠤᠴᠢᠨ ᠵᠢᠯ ᠤᠨ ᠡᠮᠤᠨ᠎ᠡ᠂ ᠮᠤᠩᠭ᠋ᠤᠯ ᠬᠡᠦᠬᠡᠳ ᠤᠨ ᠣᠤᠠᠬ᠎ᠠ ᠵᠤᠬᠢᠶᠠᠯ ᠭᠦᠭ᠍ᠵᠢᠯᠳᠡ ᠪᠠᠷ ᠳᠤᠩ ᠰᠠᠢ᠌ᠨ ᠪᠠᠢ᠌ᠵᠠᠢ᠃ ᠪᠢᠴᠢᠭᠦ ᠭᠦᠮᠤᠨ ᠣᠯᠠᠨ᠂ ᠥᠵᠡᠭᠦ (ᠣᠩᠰᠢᠬᠤ) ᠭᠦᠮᠤᠨ ᠴᠤ ᠣᠯᠠᠨ ᠪᠠᠢ᠌ᠵᠠᠢ᠃ ᠳᠡᠭᠡᠷ᠎ᠡ ᠵᠠᠭᠤᠨ ᠤ ᠶᠡᠷᠡᠭᠡᠳ ᠣᠨ ᠤ ᠳᠤᠮᠳᠠᠴᠢ᠂ ᠰᠡᠭᠦᠯᠴᠢ ᠡᠴᠡ ᠣᠳᠤ ᠪᠣᠯᠳᠠᠯᠠᠭᠢ ᠣᠷᠴᠢᠮ ᠤᠨ 15 ᠵᠢᠯ ᠳᠤ ᠮᠤᠩᠭ᠋ᠤᠯ ᠬᠡᠦᠬᠡᠳ ᠤᠨ ᠣᠤᠠᠬ᠎ᠠ ᠵᠤᠬᠢᠶᠠᠯ ᠦᠨᠳᠦᠰᠦᠨ ᠳᠡᠭᠡᠨ ᠵᠤᠭᠰᠤᠩᠭ᠋ᠣᠢ᠌ᠷᠠᠬᠤ ᠪᠠᠢ᠌ᠳᠠᠯ ᠳᠤ ᠣᠷᠤᠪᠠ᠃ ᠠᠬᠠᠮᠠᠤᠨ ᠦᠶ᠎ᠡ ᠶᠢᠨ ᠵᠤᠬᠢᠶᠠᠯᠴᠢᠳ ᠨᠠᠰᠤ ᠶᠠᠪᠣᠭᠰᠠᠨ ᠪᠣᠶᠤ ᠵᠠᠷᠢᠮ ᠨᠢ ᠨᠠᠰᠤ ᠨᠥᠭ᠍ᠴᠢᠭ᠍ᠰᠡᠨ᠂ ᠢᠳᠠᠷ ᠵᠠᠯᠠᠭᠤ ᠵᠤᠬᠢᠶᠠᠯᠴᠢᠳ ᠨᠢ ᠪᠢᠴᠢᠭᠦ ᠪᠠᠨ ᠵᠤᠭᠰᠤᠭᠰᠠᠨ ᠶᠤᠮ ᠦᠦ ᠥᠭᠡᠷ᠎ᠡ ᠶᠠᠭᠤᠮ᠎ᠠ ᠪᠢᠴᠢᠳᠡᠭ᠌ ᠪᠣᠯᠤᠭᠰᠠᠨ᠃ ᠵᠠᠯᠠᠭᠤ ᠦᠶ᠎ᠡ ᠶᠢᠨ ᠰᠢᠨ᠎ᠡ ᠪᠠᠷ ᠪᠢᠴᠢᠵᠤ ᠪᠠᠢ᠌ᠭ᠎ᠠ ᠵᠤᠬᠢᠶᠠᠯᠴᠢ ᠳᠤᠩ ᠴᠥᠭᠡᠨ ᠪᠣᠶᠤ ᠪᠢᠴᠢᠭ᠍ᠰᠡᠨ ᠵᠤᠬᠢᠶᠠᠯ ᠢ ᠨᠢ ᠴᠤᠯ ᠬᠡᠦᠬᠡᠳ ᠤᠨ ᠣᠷᠠᠨ ᠵᠤᠬᠢᠶᠠᠯ ᠭᠡᠵᠤ ᠥᠵᠡᠭᠦ ᠳᠤ ᠭᠦᠴᠢᠷ ᠭᠡᠭᠦ ᠮᠠᠳᠤ ᠶᠢᠨ ᠥᠵᠡᠭ᠍ᠳᠡᠯ ᠤᠳ ᠢᠯᠠᠷᠠᠪᠠ᠃ ᠭᠡᠪᠯᠡᠭᠦᠯᠵᠤ ᠪᠠᠢ᠌ᠭ᠎ᠠ ᠨᠤᠮ ᠳᠡᠭᠦᠪᠦᠷᠢ ᠶᠢᠨ ᠣᠯᠠᠩᠭᠢ ᠨᠢ ᠬᠤᠪᠢ ᠶᠢᠨ ᠰᠥᠢᠦᠡᠭᠡᠯ ᠶᠢᠡᠷ ᠭᠠᠷᠭᠠᠵᠤ ᠪᠠᠢ᠌ᠭ᠎ᠠ ᠨᠤᠮ ᠳᠡᠭᠦᠪᠦᠷᠢ ᠪᠣᠯᠤᠨ᠎ᠠ᠃ ᠴᠤᠯ ᠬᠡᠦᠬᠡᠳ ᠤᠨ ᠣᠷᠠᠨ ᠵᠤᠬᠢᠶᠠᠯ ᠤᠨ ᠨᠤᠮ ᠳᠡᠭᠦᠪᠦᠷᠢ ᠶᠢ ᠠᠯᠪᠠᠨ ᠪ ᠳᠠᠯ᠎ᠠ ᠡᠴᠡ ᠲᠦᠯᠦᠪᠯᠡᠭᠡ ᠳᠤ ᠣᠷᠤᠭᠤᠯᠵᠤ ᠪᠠᠢ᠌ᠬᠤ ᠨᠢ ᠮᠠᠰᠢ ᠴᠥᠭᠡᠨ᠃ ᠣᠯᠠᠩᠭᠢ ᠨᠢ ᠬᠡᠦᠬᠡᠳ ᠤᠨ ᠨᠤᠮ ᠪᠣᠯᠤᠨ ᠪᠣᠰᠤᠳ ᠣᠷᠴᠢᠭᠤᠯᠭ᠎ᠠ ᠮᠠᠳᠤ ᠶᠢᠨ ᠵᠣᠢ᠌ᠯᠠᠰ᠃ ᠦᠨᠡᠨ ᠳᠡᠭᠡᠨ ᠬᠡᠦᠬᠡᠳ ᠤᠨ ᠨᠤᠮ ᠳᠤ ᠪᠠᠢ᠌ᠭᠠᠯᠢ ᠶᠢᠨ ᠰᠢᠡᠵᠢᠯᠡᠭᠦ ᠣᠬᠠᠭᠠᠨ ᠢ ᠪᠠᠭᠳᠠᠭᠠᠭᠰᠠᠨ ᠣᠯᠠᠨ ᠳᠠᠯ᠎ᠠ ᠶᠢᠨ ᠨᠤᠮ ᠢ ᠪᠠᠭᠳᠠᠭᠠᠨ᠎ᠠ᠃ ᠬᠡᠦᠬᠡᠳ ᠤᠨ ᠣᠩᠰᠢᠬᠤ ᠨᠤᠮ ᠪᠣᠶᠤ ᠬᠡᠦᠬᠡᠳ ᠤᠨ ᠣᠤᠠᠬ᠎ᠠ ᠵᠤᠬᠢᠶᠠᠯ ᠤᠨ ᠨᠤᠮ ᠪᠣᠯ ᠠᠰᠳᠠᠭᠠᠨ ᠬᠤᠶᠠᠷ ᠵᠣᠢ᠌ᠯ ᠤᠨ ᠨᠤᠮ ᠪᠣᠯᠬᠤ ᠶᠤᠮ᠃ ᠵᠤᠭᠤᠰ ᠮᠦᠩᠭᠦ ᠶᠢᠨ ᠳᠠᠯ᠎ᠠ ᠶᠢᠨ ᠠᠰᠠᠭᠤᠳᠠᠯ ᠨᠢ ᠬᠡᠦᠬᠡᠳ ᠤᠨ ᠣᠤᠠᠬ᠎ᠠ ᠵᠤᠬᠢᠶᠠᠯ ᠤᠨ ᠳᠡᠭᠦᠪᠦᠷᠢ ᠶᠢᠨ ᠭᠡᠪᠯᠡᠭ᠍ᠳᠡᠭᠦ ᠶᠢ ᠬᠠᠷᠰᠢᠯᠠᠵᠤ ᠪᠠᠢ᠌ᠭ᠎ᠠ ᠭᠤᠤᠯ ᠧᠯᠮᠸᠨ᠋ᠲ᠋ ᠪᠣᠯᠵᠤ ᠪᠣᠢ᠃

    ᠴᠤᠯ ᠮᠤᠩᠭ᠋ᠤᠯ ᠬᠡᠦᠬᠡᠳ ᠤᠨ ᠣᠷᠠᠨ ᠵᠤᠬᠢᠶᠠᠯ ᠤᠨ ᠰᠤᠨᠢᠨ᠂ ᠰᠡᠳᠭᠦᠯ ᠦᠪᠣᠷ ᠮᠤᠩᠭ᠋ᠤᠯ ᠳᠤ ᠪᠠᠢ᠌ᠬᠤ ᠦᠭᠡᠶ᠃ ᠦᠨᠡᠨ ᠳᠡᠭᠡᠨ ᠳᠠᠳᠠᠵᠤ ᠭᠡᠯᠡᠭᠦ ᠳᠤ ᠨᠢᠭᠡ ᠡᠴᠡ ᠬᠤᠶᠠᠷ ᠪᠠᠢ᠌ᠪᠠᠯ ᠵᠤᠭᠢᠨ᠎ᠠ᠃ ᠬᠡᠦᠬᠡᠳ ᠤᠨ ᠣᠷᠠᠨ ᠵᠤᠬᠢᠶᠠᠯ ᠤᠨ ᠭᠦᠷᠢᠶᠡᠨ ᠳᠤ ᠭᠢᠷᠢ ᠭᠡᠮ ᠲᠡᠶ ᠵᠤᠬᠢᠶᠠᠯᠴᠢ᠂ ᠵᠤᠬᠢᠶᠠᠯᠴᠢᠳ ᠤᠨ ᠡᠡᠭ᠍ᠨᠡᠭᠡ ᠪᠠᠢ᠌ᠳᠠᠭ ᠪᠣᠯᠪᠠᠴᠤ ᠬᠡᠦᠬᠡᠳ ᠤᠨ ᠣᠷᠠᠨ ᠵᠤᠬᠢᠶᠠᠯ ᠤᠨ ᠳᠤᠬᠠᠢ ᠳᠤᠰᠬᠠᠢ ᠰᠤᠨᠢᠨ᠂ ᠰᠡᠳᠭᠦᠯ ᠪᠠᠢ᠌ᠳᠠᠭ ᠦᠭᠡᠶ ᠨᠢ ᠬᠠᠷᠠᠮᠰᠠᠯᠳᠠᠢ᠃ 《ᠴᠤᠮᠤᠷᠯᠢᠭ》᠂ 《ᠨᠠᠭᠢᠶ᠎ᠠ》 ᠪᠣᠶᠤ ᠪᠣᠰᠤᠳ ᠰᠤᠨᠢᠨ ᠰᠡᠳᠭᠦᠯ ᠳᠤ ᠬᠡᠦᠬᠡᠳ ᠤᠨ ᠵᠤᠬᠢᠶᠠᠯ ᠢ ᠨᠡᠢ᠌ᠳᠡᠯᠡᠳᠡᠭ᠌ ᠪᠣᠯᠪᠠᠴᠤ ᠳᠤᠰᠬᠠᠢ ᠪᠣᠯᠤᠩ ᠪᠣᠶᠤ ᠶᠠᠮᠠᠷ ᠨᠢᠭᠡ ᠭᠠᠵᠠᠷ ᠨᠢ ᠬᠠᠪᠴᠢᠭᠤᠯᠵᠤ ᠨᠡᠢ᠌ᠳᠡᠯᠡᠳᠡᠭ᠌᠃

    ᠲ᠋ᠠᠭᠢᠪᠠᠯ᠂ ᠣᠳᠤᠬᠠᠨ ᠬᠡᠦᠬᠡᠳ ᠤᠨ ᠣᠷᠠᠨ ᠵᠤᠬᠢᠶᠠᠯ ᠤᠨ ᠠᠵᠢᠯ ᠢ ᠬᠠᠮᠢᠶᠠᠷᠬᠤ ᠳᠤᠰᠬᠠᠢ ᠰᠤᠳᠤᠯᠬᠤ ᠵᠦᠪᠯᠠᠯ᠂ ᠨᠡᠢ᠌ᠭᠡᠮᠯᠢᠭ᠌ ᠭᠡᠭᠦ ᠵᠡᠷᠭᠡ ᠨᠢᠭᠡᠴᠡ ᠪᠠᠢ᠌ᠬᠤ ᠦᠭᠡᠶ᠃ ᠪᠣᠰᠤᠳ ᠣᠳᠬ᠎ᠠ ᠣᠷᠠᠯᠢᠭ ᠤᠨ ᠭᠡᠪᠴᠢᠶᠡᠨ ᠳᠤ ᠣᠯᠠᠩᠭᠢ ᠳ᠋ᠤᠨᠢ ᠪᠦᠷ ᠡᠢ᠌᠌ᠮᠦᠷᠭᠦ ᠬᠠᠮᠢᠶᠠᠷᠤᠯᠳᠠ ᠶᠢᠨ ᠪᠠᠢ᠌ᠭᠤᠯᠤᠮᠵᠢ ᠪᠠᠢ᠌ᠳᠠᠭ᠃ ᠡᠭᠦᠨ ᠡᠴᠡ ᠪᠠᠨ ᠪᠣᠯᠵᠤ ᠬᠡᠦᠬᠡᠳ ᠤᠨ ᠣᠤᠠᠬ᠎ᠠ ᠵᠤᠬᠢᠶᠠᠯ ᠳᠤ ᠬᠤᠯᠪᠣᠭᠳᠠᠭᠰᠠᠨ ᠠᠵᠢᠯᠯᠠᠭ᠎ᠠ ᠴᠤ ᠮᠠᠰᠢ ᠴᠥᠭᠡᠨ ᠶᠠᠪᠣᠭᠳᠠᠵᠤ ᠪᠣᠢ᠃ ᠵᠤᠬᠢᠶᠠᠯᠴᠢ ᠪᠠᠨ ᠣᠷᠮᠠᠰᠢᠭᠤᠯᠬᠤ ᠳᠤᠰᠬᠠᠢ ᠱᠠᠩᠨᠠᠯ ᠭᠡᠵᠤ ᠪᠠᠢ᠌ᠬᠤ ᠦᠭᠡᠶ᠂ ᠬᠡᠦᠬᠡᠳ ᠤᠨ ᠣᠷᠠᠨ ᠵᠤᠬᠢᠶᠠᠯ ᠤᠨ ᠵᠤᠬᠢᠶᠠᠯᠴᠢ ᠴᠥᠭᠡᠷᠡᠭ᠍ᠰᠡᠨ ᠨᠢ ᠡᠨᠠ ᠳᠠᠯ᠎ᠠ ᠶᠢᠨ ᠰᠢᠯᠳᠠᠭᠠᠨ ᠴᠤ ᠪᠣᠢ᠃ ᠬᠡᠦᠬᠡᠳ ᠤᠨ ᠣᠤᠠᠬ᠎ᠠ ᠵᠤᠬᠢᠶᠠᠯ ᠤᠨ ᠳᠠᠯ᠎ᠠ ᠪᠠᠷ ᠭᠢ ᠰᠤᠳᠤᠯᠤᠭᠴᠢᠳ ᠪᠠᠢ᠌ᠭᠰᠠᠨ ᠴᠤ ᠶᠡᠷᠦᠩᠭᠡᠢ ᠳᠡᠭᠡᠨ ᠴᠥᠭᠡᠨ ᠪᠦᠭᠡᠳ ᠳᠤᠰᠬᠠᠢ ᠰᠤᠳᠤᠯᠤᠭᠴᠢ ᠨᠠᠩ ᠴᠥᠭᠡᠨ᠃

    ᠪᠢᠳᠠᠨ ᠳᠤ ᠰᠤᠳᠤᠯᠬᠤ ᠵᠦᠪᠯᠠᠯ᠂ ᠨᠡᠢ᠌ᠭᠡᠮᠯᠢᠭ᠌ ᠭᠡᠭᠦ ᠵᠡᠷᠭᠡ ᠨᠢᠭᠡᠴᠡ ᠶᠢ ᠪᠠᠢ᠌ᠭᠤᠯᠬᠤ ᠠᠵᠢᠯ ᠱᠠᠭᠠᠷᠳᠠᠭᠳᠠᠵᠤ ᠪᠠᠢ᠌ᠨ᠎ᠠ᠃ ᠡᠨᠠ ᠨᠢ ᠬᠡᠦᠬᠡᠳ ᠤᠨ ᠣᠤᠠᠬ᠎ᠠ ᠵᠤᠬᠢᠶᠠᠯ ᠳᠤ ᠬᠤᠯᠪᠣᠭᠳᠠᠭᠰᠠᠨ ᠡᠯ᠎ᠡ ᠵᠣᠢ᠌ᠯ ᠤᠨ ᠠᠵᠢᠯᠯᠠᠭᠠᠨ ᠢ ᠵᠤᠬᠢᠶᠠᠨ ᠪᠠᠢ᠌ᠭᠤᠯᠬᠤ ᠳᠤ ᠠᠰᠢᠭᠳᠠᠢ᠃ ᠳᠠᠭᠢᠪᠠᠯ᠂ ᠬᠡᠦᠬᠡᠳ ᠤᠨ ᠣᠷᠠᠨ ᠵᠤᠬᠢᠶᠠᠯ ᠬᠡᠦᠬᠡᠳ ᠲᠤ ᠵᠤᠷᠢᠭᠤᠯᠤᠭᠳᠠᠭᠰᠠᠨ ᠣᠴᠢᠷ ᠳᠤᠰᠬᠠᠢ ᠰᠤᠨᠢᠨ ᠰᠡᠳᠭᠦᠯ ᠪᠠᠢ᠌ᠬᠤ ᠭᠡᠷᠡᠭ᠍ᠳᠡᠢ᠃ ᠪᠢᠳᠠ ᠳᠡᠭᠦᠨ ᠶᠢᠡᠨ ᠬᠡᠦᠬᠡᠳ ᠲᠤ ᠰᠢᠭᠤᠳ ᠵᠠᠭᠢᠶᠠᠯᠠᠭᠤᠯᠤᠨ ᠣᠩᠰᠢᠭᠤᠯᠵᠤ ᠪᠣᠯᠤᠨ᠎ᠠ᠃ ᠣᠳᠤ ᠶᠢᠨ ᠮᠤᠩᠭ᠋ᠤᠯ ᠬᠡᠦᠬᠡᠳ ᠬᠡᠦᠬᠡᠳ ᠤᠨ ᠣᠷᠠᠨ ᠵᠤᠬᠢᠶᠠᠯ ᠳᠠᠮᠠᠢ ᠣᠯᠵᠤ ᠣᠩᠰᠢᠬᠤ ᠦᠭᠡᠶ ᠪᠠᠢ᠌ᠬᠤ ᠶᠢᠨ ᠰᠢᠯᠳᠠᠭᠠᠨ ᠨᠢ ᠳᠠᠷᠤᠢ ᠡ᠊ᠭᠦᠨ ᠳᠤ ᠪᠠᠢ᠌ᠨ᠎ᠠ᠃ ᠬᠡᠦᠬᠡᠳ ᠳᠠᠷᠠ ᠪᠦᠭᠦᠳᠡ ᠰᠤᠨᠢᠨ ᠰᠡᠳᠭᠦᠯ ᠤᠳ ᠢ ᠪᠦᠭᠦᠨ ᠢ ᠵᠠᠭᠢᠶᠠᠯᠠᠵᠤ᠂ ᠰᠢᠭᠦᠵᠤ ᠣᠩᠰᠢᠬᠤ ᠪᠣᠯᠤᠯᠴᠠᠭ᠎ᠠ ᠪᠠᠭ᠎ᠠ᠃ ᠠᠩᠭᠢ ᠨᠢᠭᠡᠴᠡ ᠪᠠᠷ ᠵᠠᠭᠢᠶᠠᠯᠠᠵᠤ ᠪᠠᠢ᠌ᠬᠤ ᠨᠢ ᠬᠠᠶᠠ ᠨᠢᠭᠡ ᠣᠯᠵᠤ ᠣᠩᠰᠢᠨ᠎ᠠ᠃ ᠭᠡᠷᠪᠡ ᠬᠡᠦᠬᠡᠳ ᠤᠨ ᠣᠷᠠᠨ ᠵᠤᠬᠢᠶᠠᠯ ᠤᠨ ᠳᠤᠬᠠᠢ ᠳᠤᠰᠬᠠᠢ ᠰᠤᠨᠢᠨ ᠰᠡᠳᠭᠦᠯ ᠪᠠᠢ᠌ᠬᠤ ᠳᠤ ᠭᠦᠷᠪᠠᠯ᠂ ᠳᠠᠷᠠ ᠪᠦᠭᠦᠳᠡ ᠰᠤᠨᠢᠨ ᠰᠡᠳᠭᠦᠯ ᠢ ᠣᠷᠪᠠᠭᠤᠯᠵᠤ᠂ ᠰᠤᠩᠭ᠋ᠤᠵᠤ ᠳᠡᠭᠦᠪᠦᠷᠢᠯᠡᠨ ᠨᠤᠮ ᠪᠣᠯᠭᠠᠵᠤ ᠭᠡᠪᠯᠡᠭᠦᠯᠭᠦ ᠮᠠᠳᠤ ᠶᠢᠨ ᠢᠯᠡᠭᠦᠴᠡ ᠠᠵᠢᠯ ᠤᠳ ᠴᠤ ᠳᠦᠭᠦᠮᠴᠢᠯᠡᠭ᠍ᠳᠡᠭᠦ ᠪᠣᠯᠤᠨ᠎ᠠ᠃   


       (ᠦᠪᠣᠷ ᠮᠤᠩᠭ᠋ᠤᠯ ᠤᠨ ᠡᠳᠦᠷ ᠤᠨ ᠰᠤᠨᠢᠨ ᠤ ᠰᠤᠷᠪᠣᠯᠵᠢᠯᠠᠭᠴᠢ ᠰᠠᠢ᠌ᠵᠠᠷᠠᠬᠤ ᠶᠢᠨ ᠵᠤᠬᠢᠶᠠᠭᠴᠢ ᠶᠢ ᠰᠤᠷᠪᠣᠯᠵᠢᠯᠠᠭᠰᠠᠨ ᠰᠤᠷᠪᠣᠯᠵᠢᠯᠭ᠎ᠠ᠃ 《ᠦᠪᠣᠷ ᠮᠤᠩᠭ᠋ᠤᠯ ᠤᠨ ᠡᠳᠦᠷ ᠤᠨ ᠰᠤᠨᠢᠨ》 ᠪᠣᠶᠤ 《ᠲ᠋ᠤᠮᠳᠠᠳᠤ ᠣᠯᠤᠰ ᠤᠨ ᠮᠤᠩᠭ᠋ᠤᠯ ᠭᠡᠯᠡᠨ ᠤ ᠰᠤᠨᠢᠨ ᠮᠡᠳᠡᠭᠡ ᠰᠦᠯᠵᠢᠶ᠎ᠠ》 ᠵᠢᠨ 2011.03.27 ᠊ᠤ ᠭᠡᠪᠯᠡᠯ ᠳᠤ᠃)


ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 2738
ᠴᠠᠭ᠄ 2011 ᠤᠨ ᠤ 03 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ