ᠨᠡᠪᠲᠡᠷᠡᠨ ᠤᠷᠤᠬᠤ
ᠨᠤᠳᠤᠭ ᠤᠨ ᠨᠢᠯᠪᠣᠰᠤ

             1

ᠭᠦᠭ᠍ᠰᠢᠨ ᠨᠠᠰᠤᠳᠠᠨ ᠶᠢᠡᠨ ᠲᠦᠰᠢᠵᠤ

ᠨᠢᠯᠬ᠎ᠠ ᠪᠠᠭ᠎ᠠ ᠪᠠᠨ ᠳᠡᠪᠠᠷᠢᠭ᠍ᠰᠡᠭᠡᠷ

ᠭᠦᠳᠡᠭᠡ ᠪᠠᠯᠠᠷ ᠡᠴᠠ ᠪᠠᠨ ᠰᠠᠯᠵᠤ

ᠭᠦᠭ᠍ᠵᠢᠶᠡᠨ ᠨᠠᠷᠭᠢᠶᠠᠨ ᠲᠡᠶ ᠬᠤᠳᠠ ᠣᠷᠤᠯ᠎ᠠ᠃

           2

ᠠᠵᠢᠯ ᠦᠭᠡᠶ ᠳᠡᠭᠦᠤ ᠨᠡᠷ ᠮᠢᠨᠢ

         ᠬᠤᠶᠠᠷ ᠭᠤᠷᠪᠠ ᠪᠠᠷ ᠳᠠᠭᠠᠯᠴᠠᠵᠤ

ᠬᠤᠳᠠ ᠵᠡᠭᠡᠯᠢ ᠪᠠᠷ ᠭᠡᠰᠦᠯᠴᠡᠭᠡᠳ

ᠪᠦᠵᠢᠭ᠌ ᠤᠨ ᠳᠢᠩᠭᠢᠮ ᠢ

ᠪᠢᠵᠢᠭᠡᠨᠡᠭᠦᠯᠵᠤ ᠲ᠋ᠡᠯᠭᠢᠳᠡᠭᠠᠳ ᠰᠢᠭᠦᠭ᠍ᠳᠡᠨ᠎ᠡ

ᠠᠷᠢᠭᠢᠨ ᠮᠤᠬᠤᠯᠠᠭ ᠢ

ᠠᠷᠭᠢᠷᠠᠵᠤ ᠳᠤᠩᠭ᠋ᠤᠰᠤᠭᠠᠤᠨ ᠭᠦᠭᠡᠭᠡᠭ᠍ᠳᠡᠨ᠎ᠡ᠃

          3

ᠭᠡᠦᠭᠡᠨ ᠳᠡᠭᠦᠤ ᠲᠡᠶ ᠢᠯᠭᠠᠭ᠎ᠠ ᠭᠡᠦᠭᠡᠡᠴᠦᠳ ᠮᠢᠨᠢ

ᠬᠤᠭᠤᠯᠠᠢ ᠪᠠᠢ᠌ᠨ᠎ᠠ ᠭᠡᠳ

ᠬᠤᠭᠤᠯᠠᠨ ᠭᠡᠷ ᠲᠤ ᠳᠠᠭᠤᠯᠠᠨ᠎ᠠ

ᠬᠤᠠᠵᠢᠶ᠎ᠠ ᠲᠡᠶ ᠪᠠᠢ᠌ᠨ᠎ᠠ ᠭᠡᠳ

ᠬᠤᠨᠤᠭ ᠤᠨ ᠭᠠᠵᠠᠷ ᠲᠤ ᠣᠢ᠌ᠯᠠᠴᠢᠯᠠᠨ᠎ᠡ

ᠵᠤᠭᠤᠰ ᠲᠡᠶ ᠪᠠᠢ᠌ᠨ᠎ᠠ ᠭᠡᠳ

ᠮᠦᠩᠭᠦᠳᠡᠨ ᠢ ᠳᠠᠭᠠᠭᠠᠤᠨ ᠭᠦᠶᠤᠨ᠎ᠡ

ᠳᠡᠷᠭᠡ ᠲᠡᠶ ᠲᠡᠶ ᠪᠠᠢ᠌ᠨ᠎ᠠ ᠭᠡᠳ

ᠳᠡᠷᠭᠡ ᠶᠢ᠌ ᠨᠢ ᠳᠠᠭᠤᠭᠠᠤᠨ ᠳᠠᠷᠪᠠᠨ᠎ᠡ᠃

         4

ᠭᠦᠳᠡᠭᠡ ᠮᠢᠨᠢ ᠬᠠᠢ᠌ᠷᠠᠨ ᠭᠡᠳ

ᠭᠤᠨᠢᠴᠤᠳ ᠨᠢ

ᠮᠤᠲ᠋ᠤᠷ ᠴᠤ ᠥᠭᠡᠢ

ᠳᠤᠰᠤ ᠴᠤ ᠥᠭᠡᠢ

ᠵᠠᠮ ᠴᠤ ᠥᠭᠡᠢ

ᠮᠠᠢ᠌ᠮᠠᠢ ᠴᠤ ᠥᠭᠡᠢ

ᠪᠢᠳᠡᠭᠦᠤ

ᠬᠤᠷᠢ ᠶᠠᠰᠤᠨ ᠤ ᠬᠤᠪᠢᠶᠠᠷᠠᠯᠠᠯ ᠭᠡᠳ

ᠬᠤᠭᠤᠷᠤᠠᠳᠤ ᠪᠠᠨ

ᠬᠤᠷᠢ ᠭᠤᠴᠢᠨ ᠭᠠᠵᠠᠷ ᠵᠠᠢ ᠲᠡᠶ ᠴᠤ

ᠬᠤᠪᠢ ᠲᠡᠶ ᠶᠤᠮ ᠰᠢᠭ ᠣᠴᠠᠷᠠᠨ

ᠬᠤᠨᠢ ᠪᠠᠨ ᠦᠷᠤᠪᠴᠢᠯᠠᠵᠤ

ᠮᠢᠬ᠎ᠠ ᠪᠠᠨ ᠵᠤᠭᠤᠭᠯᠠᠨ

ᠠᠷᠢᠭᠢ ᠪᠠᠨ ᠣᠤᠭᠤᠵᠤ

ᠭᠡᠳᠤᠨ ᠡᠳᠦᠷ ᠵᠢᠡᠷ ᠭᠦᠭᠡᠷᠡᠯᠳᠦᠵᠤ

ᠰᠢᠷ᠎ᠠ ᠥᠩᠭᠡᠳᠤ ᠳᠦᠷᠰᠤ ᠪᠠᠷ

ᠰᠠᠨᠠᠭ᠎ᠠ ᠪᠠᠨ ᠬᠠᠩᠭ᠋ᠠᠨ᠎ᠠ᠃

         5

ᠪᠣᠭᠤᠷᠤᠯᠴᠤᠳ ᠮᠢᠨᠢ

ᠳᠠᠶᠠᠭ ᠶᠢᠡᠨ ᠳᠤᠯᠤᠵᠤ

ᠠᠰᠠᠷ ᠡᠴᠠ ᠬᠠᠢ᠌ᠵᠠᠭᠠᠴᠠᠵᠤ ᠨᠢᠭᠡ ᠪᠠᠭᠤᠨ᠎ᠠ

ᠵᠤᠭᠰᠤᠬᠤ ᠪᠣᠯᠤᠭᠠᠤᠨ ᠨᠢᠭᠡ ᠶᠤᠤᠯᠠᠨ᠎ᠠ

ᠳᠠᠭᠢᠭᠠᠤᠨ

ᠠᠰᠠᠷ ᠶᠢᠡᠨ ᠳᠠᠪᠠᠵᠤ

ᠠᠮᠢᠰᠬᠤᠭᠠᠳᠠᠵᠤ ᠨᠢᠭᠡ ᠮᠠᠴᠤᠨ᠎ᠠ

ᠭᠦᠴᠦᠯᠡᠵᠤ ᠨᠢᠭᠡ ᠠᠮᠠᠷᠠᠨ᠎ᠠ

ᠠᠰᠠᠷ ᠤᠨ ᠦᠨᠳᠦᠷ ᠡᠴᠠ

ᠠᠮᠢᠨ ᠬᠠᠢ᠌ᠷᠠᠳᠠᠢ ᠨᠤᠳᠤᠭ ᠵᠢᠠᠨ

ᠪᠠᠷᠠᠭᠠᠯᠠᠵᠤ ᠨᠢᠭᠡ ᠰᠠᠷᠠᠪᠴᠢᠯᠠᠨ᠎ᠠ

ᠰᠠᠷᠠᠪᠴᠢᠯᠠᠵᠤ ᠨᠢᠭᠡ ᠳᠤᠷᠠᠠᠳᠠᠨ᠎ᠠ

ᠥᠭᠡᠢ᠌ᠯᠡᠵᠤ ᠨᠢᠭᠡ ᠣᠶᠠᠷᠠᠨ᠎ᠠ᠃

          6

ᠳᠤᠮᠤᠭᠠᠴᠤᠳ ᠮᠢᠨᠢ

ᠠᠷᠪᠠ ᠬᠤᠷᠢ ᠪᠠᠷ ᠬᠠᠮᠳᠤᠷᠠᠵᠤ

ᠵᠤᠭᠤᠰᠤᠨ ᠶᠡᠭᠡ ᠪᠠᠷᠢᠯᠭ᠎ᠠ ᠳ᠋ᠤ ᠪᠠᠯᠠ ᠣᠷᠤᠭᠤᠯᠤᠨ᠎ᠠ

ᠪᠠᠷᠢᠯᠭ᠎ᠠ ᠶᠢᠨ ᠡᠵᠡᠨ ᠤ

ᠪᠠᠷ᠎ᠠ ᠴᠤ ᠦᠭᠡᠶ ᠪᠠᠷ

ᠴᠠᠭᠠᠨ ᠴᠠᠭᠠᠰᠤᠨ ᠳᠡᠭᠡᠷ᠎ᠡ ᠭᠡᠷ᠎ᠡ ᠳᠤᠭᠳᠠᠨ᠎ᠠ

ᠭᠡᠳᠤᠨ ᠵᠢᠯ ᠵᠢᠠᠷ

ᠠᠵᠢᠯ ᠴᠤ ᠦᠭᠡᠶ ᠵᠠᠷᠭᠤ ᠭᠦᠭᠡᠭᠡᠴᠡᠯᠳᠤᠨ᠎ᠡ

ᠭᠦᠮᠤᠨ ᠳ᠋ᠤ ᠮᠡᠭᠡᠯᠡᠭ᠍ᠳᠡᠭ᠍ᠰᠡᠨ ᠴᠤ

ᠨᠢᠭᠡ ᠨᠢ ᠨᠢᠭᠡ ᠪᠠᠨ ᠪᠠᠷᠢᠯ᠎ᠡ ᠭᠡᠳ

ᠡᠭᠢᠨᠡᠷ ᠬᠡᠦᠬᠡᠳ ᠨᠢ

ᠣᠠᠳᠠᠭᠠᠤᠨ ᠨᠣᠢ᠌ᠷ ᠥᠭᠡᠢ

ᠢᠳᠡᠭᠡᠳ ᠬᠤᠭᠤᠯᠠ ᠦᠭᠡᠶ

ᠭᠦᠳᠡᠭᠡ ᠳᠡᠭᠡᠨ ᠪᠠᠢ᠌ᠬᠤ ᠳ᠋ᠤ

ᠠᠯᠤᠩᠭ᠋ᠤᠸ᠎ᠠ ᠡᠭᠡ ᠵᠢᠨ

ᠳᠠᠪᠤᠨ ᠮᠦᠰᠤ ᠰᠢᠭ ᠳᠤᠮᠤᠠᠭᠠᠴᠤᠳ

ᠭᠠᠭᠴᠠ ᠭᠠᠭᠴᠠ ᠶᠢᠡᠷ ᠰᠠᠯᠵᠤ ᠰᠠᠷᠨᠢᠪᠠ᠃

           7

ᠢᠳᠠᠷᠴᠤᠳ ᠮᠢᠨᠢ

         ᠮᠤᠩᠭ᠋ᠤᠯ ᠨᠠᠢ᠌ᠷ ᠢ

ᠠᠰᠠᠷ ᠤᠨ ᠴᠤᠩᠬᠤ ᠪᠠᠷ  ᠴᠤᠤᠷᠢᠶᠠᠯᠳᠤᠭᠤᠯᠤᠨ᠎ᠠ

ᠮᠠᠭᠠᠵᠢᠶᠠᠩ ᠤᠨ ᠳᠠᠭᠤᠨ ᠢ

ᠠᠰᠠᠷ ᠤᠨ ᠭᠤᠳᠤᠮᠵᠢ ᠪᠠᠷ ᠫᠠᠷᠴᠢᠭᠢᠨᠠᠨ᠎ᠠ

ᠠᠳᠠᠭ ᠤᠨ ᠬᠠᠷᠢᠶᠠᠯ ᠢ

ᠠᠰᠠᠷ ᠤᠨ ᠬᠤᠩᠭᠢᠯ ᠵᠢᠠᠷ ᠰᠤᠨᠤᠰᠳᠠᠭᠤᠯᠤᠨ᠎ᠠ

ᠠᠪᠣᠯᠭ᠎ᠠ ᠶᠢᠨ ᠭᠦᠮᠦᠰ ᠢ

ᠠᠰᠠᠷ ᠤᠨ ᠡᠭᠦᠳᠡ ᠪᠠᠷ ᠣᠭᠳᠤᠵᠤ ᠦᠳᠦᠨ᠎ᠡ

ᠦᠷᠢ ᠶᠢᠨ ᠣᠷᠤᠨ ᠳ᠋ᠤ ᠡᠳ᠋ᠯᠡᠯ ᠳᠠᠸᠠᠷ

ᠦᠷᠦᠭᠡ ᠭᠡᠷ ᠡᠴᠠ ᠵᠥᠭᠡᠭᠡᠪᠦᠷᠢᠯᠡᠭ᠍ᠳᠡᠨ᠎ᠡ

ᠵᠠᠷᠢᠮ ᠨᠢ

ᠠᠮᠠᠷᠠᠵᠤ ᠰᠠᠭᠤᠬᠤ ᠶᠢᠨ ᠣᠷᠤᠨ ᠳ᠋ᠤ

ᠠᠷᠭᠠᠯᠠᠵᠤ ᠨᠢᠭᠡ ᠣᠯᠤᠶ᠎ᠠ ᠭᠡᠳ

ᠠᠷᠪᠠ ᠬᠤᠷᠢ ᠪᠠᠷ ᠨᠠᠭᠠᠳᠤᠪᠠ

ᠠᠯᠢᠨ ᠡᠴᠠ ᠣᠷᠢᠳᠠ

ᠠᠮᠢᠨ ᠬᠠᠢ᠌ᠷᠠᠳᠠᠢ ᠨᠤᠳᠤᠭ ᠶᠢᠡᠨ ᠠᠯᠳᠠᠪᠠ

ᠠᠯᠳᠠᠭᠰᠠᠨ ᠤ ᠲ᠋ᠠᠷᠠᠭ᠎ᠠ ᠳᠤ

ᠠᠰᠠᠷ ᠤᠨ ᠦᠨᠡᠮᠯᠠᠯ ᠶᠢᠡᠨ ᠠᠯᠳᠠᠪᠠ

ᠠᠯᠳᠠᠭᠰᠠᠨ ᠤ ᠰᠡᠭᠦᠯ ᠳ᠋ᠤ

ᠠᠮᠢᠳᠤᠷᠠᠯ ᠤᠨ ᠪᠠᠳᠤᠯᠠᠭ᠎ᠠ ᠪᠠᠨ ᠴᠤ ᠠᠯᠳᠠᠪᠠ

ᠠᠳᠠᠭ ᠤᠨ ᠠᠳᠠᠭ ᠳᠤ

ᠠᠮᠢᠨ ᠳᠤ ᠨᠢ ᠣᠷᠭᠤᠭᠰᠠᠨ

ᠠᠯᠠᠭ᠎ᠠ ᠡᠴᠠ ᠥᠭᠡᠷ᠎ᠡ

ᠠᠮᠢᠳᠤᠷᠠᠯ ᠤᠨ ᠰᠠᠪᠠ ᠦᠭᠡᠶ ᠪᠣᠯᠪᠠ᠃



ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠬᠠᠤᠯᠢ ᠴᠠᠭᠠᠵᠠ ᠶᠢᠨ ᠳᠤᠪᠴᠢᠶ᠎ᠠ

ᠵᠤᠬᠢᠶᠠᠭᠴᠢ᠄ ᠴᠤ᠋·ᠣᠷᠭᠢᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2645
ᠴᠠᠭ᠄ 2012 ᠤᠨ ᠤ 04 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ